ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-08-04 10:46:35

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠬᠦᠰᠢᠬᠡ ᠠᠯᠭᠤᠷᠬᠠᠨ ᠢᠷᠠᠭᠳᠠᠵᠦ ᠂ ᠬᠦᠢᠳᠡᠨ ᠲᠡᠮᠦᠷ ᠤᠷᠤ ᠳᠡᠭᠡᠷ᠎ᠡ ᠤᠨᠳᠠᠵᠦ ᠪᠠᠢᠭᠰᠠᠨ ᠫᠠᠸᠸᠯ· ᠺᠦᠷᠴᠠᠺᠢᠨ ᠬᠠᠷ᠎ᠠ ᠳᠠᠷᠤᠨ ᠰᠡᠷᠢᠯ᠎ᠡ ᠃ ᠫᠤᠤ ᠪᠠᠨ ᠠᠳᠬᠤᠨ ᠵᠤᠭᠰᠤᠳᠠᠯ᠎ᠠ ᠳᠠᠢᠴᠢᠨ ᠨᠦᠬᠦᠳ ᠤ᠋ᠨ ᠬᠢᠨᠢ ᠳᠠᠭᠠᠷᠢᠯᠳᠠ ᠵᠢᠨ ᠤᠷᠠᠢ ᠲᠡᠭᠷᠢ ᠭᠠᠵᠠᠷ ᠢ᠋ ᠲᠤᠩᠰᠤᠯᠭᠠᠨ ᠤᠢᠷᠠᠳᠴᠤ ᠢᠷᠡᠯ᠎ᠡ ᠁ 8 ᠰᠠᠷ᠎ᠠ ᠵᠢᠨ 3 ᠤ᠋ ᠤᠷᠤᠢ ᠂ ᠰᠢᠯᠢ ᠵᠢᠨ ᠭᠤᠤᠯ ᠠᠵᠢᠯ ᠮᠡᠷᠭᠡᠵᠢᠯ ᠤ᠋ᠨ ᠳᠡᠭᠡᠳᠦ ᠰᠤᠷᠭᠠᠭᠤᠯᠢ ᠵᠢᠨ ᠺᠢᠨᠣ᠋ ᠤᠷᠠᠯᠢᠭ ᠤ᠋ᠨ ᠰᠠᠯᠪᠤᠷᠢ ᠵᠢᠨ ᠵᠤᠬᠢᠶᠠᠨ ᠲᠤᠭᠯᠠᠭᠰᠠᠨ 《ᠪᠣᠯᠣᠳ ᠬᠡᠷᠬᠢᠨ ᠬᠠᠳᠠᠭᠠᠭᠳᠠᠭᠰᠠᠨ ᠪᠤᠶ》 ᠬᠡᠬᠦ ᠶᠠᠷᠢᠶᠠᠳᠦ ᠵᠦᠴᠦᠭᠡ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠳ᠋ᠤ ᠦᠵᠡᠭᠴᠢᠳ ᠲᠠᠢ ᠵᠤᠯᠭᠠᠯ᠎ᠠ ᠃

ᠵᠥᠪᠯᠡᠯᠲᠦ᠍᠎ᠶ᠋ᠢᠨ ᠰᠤᠩᠭᠤᠳᠠᠭ ᠷᠤᠮᠠᠨ 《ᠪᠣᠯᠣᠳ ᠬᠡᠷᠬᠢᠨ ᠬᠠᠳᠠᠭᠠᠭᠳᠠᠭᠰᠠᠨ ᠪᠤᠶ》 ᠵᠢ ᠥᠭᠡᠷᠡᠴᠢᠯᠡᠨ ᠨᠠᠢᠷᠠᠭᠤᠯᠤᠭᠰᠠᠨ ᠶᠠᠷᠢᠶᠠᠳᠦ ᠵᠦᠴᠦᠭᠡ《ᠪᠣᠯᠣᠳ ᠬᠡᠷᠬᠢᠨ ᠬᠠᠳᠠᠭᠠᠭᠳᠠᠭᠰᠠᠨ ᠪᠤᠶ》 ᠪᠤᠯ ᠬᠤᠷᠢᠳᠤᠭᠠᠷ ᠬᠤᠭᠤᠴᠠᠭᠠᠨ ᠤ᠋ ᠲᠤᠮᠳᠠᠳᠦ ᠤᠯᠤᠰ·ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠰᠢᠯᠢᠳᠡᠭ ᠲᠤᠭᠯᠠᠯᠳᠠ ᠵᠢᠨ ᠨᠢᠬᠡ ᠪᠤᠯᠤᠨ᠎ᠠ ᠃ ᠶᠠᠷᠢᠶᠠᠳᠤ ᠵᠦᠴᠦᠬᠡ ᠳ᠋ᠤ ᠫᠠᠸᠸᠯ·ᠺᠦᠷᠴᠠᠺᠢᠨ ᠤ᠋ ᠣᠷᠣᠭ᠎ᠠ ᠪᠤᠰᠭᠠᠭ᠎ᠠ ᠴᠠᠭ ᠦᠶ᠎ᠡ ᠳ᠋ᠤ ᠳᠠᠷᠤᠯᠠᠯ ᠲᠤᠷᠤᠮᠵᠢᠯᠠᠯ ᠢ᠋ ᠠᠮᠰᠠᠵᠤ ᠪᠠᠢᠭ᠍ᠰᠠᠨ ᠬᠡᠤᠬᠡᠳ ᠦᠶ᠎ᠡ ᠡᠴᠡ᠎ᠪᠡᠨ ᠡᠪ ᠬᠠᠮᠲᠤ ᠵᠠᠯᠠᠭᠤᠴᠤᠳ ᠤ᠋ᠨ ᠡᠪᠯᠡᠯ ᠳ᠋ᠤ ᠣᠷᠣᠵᠤ ᠠᠭᠤᠤ ᠶᠡᠬᠡ ᠬᠤᠪᠢᠰᠭᠠᠯ ᠤ᠋ᠨ ᠵᠠᠮ ᠵᠢᠡᠷ ᠵᠠᠮᠨᠠᠵᠤ᠂ ᠦᠬᠦᠵᠤ ᠰᠡᠬᠡᠬᠦ᠌ ᠡᠴᠡ ᠠᠶᠤᠬᠤ ᠦᠭᠡᠢ ᠭᠠᠪᠱᠢᠭᠠᠢ ᠪᠠᠢᠯᠳᠤᠭ᠍ᠴᠢ ᠪᠣᠯᠤᠭ᠍ᠰᠠᠨ ᠵᠢᠴᠢ ᠠᠵᠤ ᠠᠬᠤᠢ ᠶ᠋ᠢᠨ ᠪᠦᠳᠦᠭᠡᠨ ᠪᠠᠢᠭᠤᠯᠤᠯᠲᠠ ᠶ᠋ᠢᠨ ᠴᠠᠭ ᠦᠶ᠎ᠡ ᠳ᠋ᠤ ᠡᠪᠡᠳᠴᠢᠨ ᠡᠮᠭᠡᠭ ᠤ᠋ᠨ ᠲᠠᠷᠴᠢᠯᠠᠭᠠᠯ ᠢ᠋ ᠢᠯᠠᠨ ᠳᠠᠪᠠᠵᠤ ᠂ ᠰᠠᠯᠬᠢ ᠱᠢᠭᠤᠷᠭ᠎ᠠ ᠬᠠᠬᠢᠷ ᠬᠦᠢᠳᠡᠨ ᠡᠴᠡ ᠠᠶᠤᠬᠤ ᠦᠭᠡᠢ ᠪᠡᠷ ᠬᠦᠴᠢᠷ ᠪᠡᠷᠬᠡᠱᠢᠶᠡᠯᠲᠦ ᠡᠮᠦᠨ᠎ᠡ ᠹᠷᠣᠨᠲ ᠲᠦ᠍ ᠠᠵᠢᠯᠯᠠᠵᠤ ᠂ ᠡᠴᠦᠰ ᠲᠡᠬᠡᠨ ᠡᠷᠡᠰ ᠪᠠᠲᠤ ᠡᠪ ᠬᠠᠮᠲᠤ ᠶᠣᠰᠣᠨ ᠤ᠋ ᠪᠤᠯᠤᠳ ᠪᠠᠢᠯᠳᠤᠭ᠍ᠴᠢ ᠪᠣᠯᠤᠭ᠍ᠰᠠᠨ ᠥᠩᠭᠡᠷᠡᠯᠲᠡ ᠵᠢ ᠲᠤᠰᠬᠠᠪᠠ ᠃ ᠡᠬᠦᠨ ᠤ᠋ ᠬᠠᠮᠳᠤ ᠪᠠᠰᠠ ᠫᠠᠸᠸᠯ·ᠺᠦᠷᠴᠠᠺᠢᠨ ᠤ᠋ ᠬᠠᠢᠷ᠎ᠠ ᠰᠡᠳᠭᠢᠯᠭᠡ ᠶ᠋ᠢᠨ ᠥᠩᠭᠡᠷᠡᠯᠲᠡ ᠳ᠋ᠤ ᠨᠠᠷᠢᠯᠢᠭ ᠭᠦᠨᠵᠡᠭᠡᠶ ᠲᠠᠢᠯᠪᠤᠷᠢᠯᠠᠯᠳᠠ ᠬᠢᠵᠦ᠂ ᠢᠳᠡᠭᠡᠯ ᠪᠢᠰᠢᠷᠡᠯ ᠪᠠ ᠬᠦᠰᠡᠯᠡᠩ ᠢ᠋ ᠲᠤᠪᠤᠢᠯᠭᠠᠨ ᠬᠥᠮᠦᠨ ᠤ᠋ ᠠᠮᠢᠳᠤᠷᠠᠯ ᠂ ᠠᠮᠢ ᠨᠠᠰᠤ ᠂ ᠬᠠᠢᠷ᠎ᠠ ᠰᠡᠳᠭᠢᠯᠭᠡ ᠪᠠ ᠨᠥᠬᠥᠷᠯᠡᠯ ᠳ᠋ᠤ ᠭᠦᠨᠵᠡᠭᠡᠶ ᠲᠤᠩᠭᠠᠯᠳᠠ ᠬᠢᠭᠰᠡᠨ ᠪᠠᠢᠨ᠎ᠠ ᠃

《ᠡᠨᠡ ᠬᠦ᠌ ᠪᠦᠳᠦᠭᠡᠯ ᠪᠤᠯ ᠦᠪᠦᠷ ᠮᠤᠨᠭᠭᠤᠯ ᠤ᠋ᠨ ᠳᠠᠭᠤᠤᠷᠢᠯᠢᠭ ᠤ᠋ᠨ ᠳᠠᠢᠰᠠᠨ ᠳ᠋ᠤ ᠠᠩᠬ᠎ᠠ ᠤᠳᠠᠭ᠎ᠠ ᠲᠤᠭᠯᠠᠵᠦ ᠪᠠᠢᠭ᠎ᠠ ᠭᠠᠳᠠᠭᠠᠳᠦ ᠵᠢᠨ ᠵᠦᠴᠦᠭᠡ ᠪᠠᠢᠵᠦ ᠂ ᠮᠠᠨ ᠤ᠋ ᠤᠷᠤᠨ ᠤ᠋ ᠳᠠᠭᠤᠤᠷᠢᠯᠢᠭ ᠤ᠋ᠨ ᠤᠯᠠᠮ ᠡᠴᠡ ᠤᠯᠠᠮ ᠪᠠᠶᠠᠯᠢᠭᠵᠢᠨ ᠬᠦᠭᠵᠢᠬᠦ ᠳ᠋ᠤ ᠢᠳᠡᠪᠬᠢ ᠦᠢᠯᠡᠳᠦᠯ ᠦᠵᠡᠬᠦᠯᠬᠦ ᠨᠢ ᠯᠠᠪᠳᠠᠢ ᠃ ᠮᠠᠨ ᠤ᠋ ᠤᠯᠤᠰ ᠲᠦ᠍ ᠬᠠᠭᠠᠰ ᠵᠠᠭᠤᠨ ᠤ᠋ ᠬᠦᠮᠦᠨ ᠢ᠋ ᠨᠦᠯᠦᠭᠡᠯᠡᠭᠰᠡᠨ ᠤᠤᠯ ᠪᠦᠳᠦᠭᠡᠯ ᠢ᠋ ᠶᠠᠭᠠᠬᠢᠵᠦ ᠤᠳᠤ ᠵᠢᠨ ᠵᠠᠯᠠᠭᠤ ᠨᠢᠭᠡ ᠦᠶ᠎ᠡ ᠵᠢᠨ ᠬᠢᠨ ᠳ᠋ᠤ ᠰᠤᠨᠢᠷᠬᠠᠭᠤᠯᠵᠦ ᠂ ᠤᠳᠬ᠎ᠠ ᠠᠭᠤᠯᠭ᠎ᠠ ᠪᠠ ᠵᠤᠷᠢᠭ ᠰᠠᠨᠠᠭ᠎ᠠ ᠵᠢ ᠨᠢ ᠤᠯᠠᠮᠵᠢᠯᠠᠬᠤ ᠲᠤᠬᠠᠢ ᠪᠢᠳᠡ ᠶᠡᠬᠡ ᠬᠦᠴᠦ ᠳᠠᠯᠪᠢᠵᠦ ᠂ ᠪᠤᠳᠠᠳᠦ ᠠᠮᠢᠳᠤᠷᠠᠯ ᠂ ᠲᠤᠳᠤᠭᠠᠳᠦ ᠰᠡᠳᠬᠢᠯ ᠪᠠ ᠰᠦᠭ ᠰᠦᠨᠡᠰᠦ ᠭᠤᠷᠪᠠᠨ ᠳᠠᠯ᠎ᠠ ᠡᠴᠡ ᠫᠠᠸᠸᠯ·ᠺᠦᠷᠴᠠᠺᠢᠨ ᠢ᠋ ᠴᠢᠷᠮᠠᠢᠨ ᠵᠢᠷᠤᠭᠯᠠᠵᠠᠢ ᠃ ᠳᠠᠷᠠᠭᠠᠴᠢ ᠪᠡᠷ ᠪᠢᠳᠡ ᠲᠤᠰ ᠵᠦᠴᠦᠭᠡ ᠵᠢ ᠰᠤᠷᠭᠠᠭᠤᠯᠢ ᠵᠢᠨ ᠬᠦᠷᠢᠶᠡᠨ ᠳ᠋ᠤ ᠤᠷᠤᠭᠤᠯᠵᠦ ᠤᠶᠤᠳᠠᠳ ᠲᠦ᠍ ᠵᠤᠷᠢᠭᠤᠯᠤᠨ ᠲᠤᠭᠯᠠᠬᠤ ᠪᠡᠷ ᠲᠦᠯᠦᠪᠯᠡᠵᠦ ᠪᠠᠢᠨ᠎ᠠ》 ᠭᠡᠵᠦ ᠶᠠᠷᠢᠶᠠᠳᠦ ᠵᠦᠴᠦᠭᠡ 《ᠪᠣᠯᠣᠳ ᠬᠡᠷᠬᠢᠨ ᠬᠠᠳᠠᠭᠠᠭᠳᠠᠭᠰᠠᠨ ᠪᠤᠶ》 ᠵᠢᠨ ᠤᠳᠤᠷᠢᠳᠤᠭᠠᠴᠢ ᠨᠢᠩ ᠼᠠᠢ ᠶᠠᠷᠢᠵᠤ ᠪᠠᠢᠯ᠎ᠠ ᠃

《ᠪᠢ ᠪᠠᠭ᠎ᠠ ᠳ᠋ᠠᠭᠠᠨ 〈ᠪᠤᠯᠤᠳ ᠬᠡᠷᠬᠢᠨ ᠬᠠᠳᠠᠭᠠᠭᠳᠠᠭᠰᠠᠨ ᠪᠤᠢ〉 ᠵᠢ ᠤᠩᠰᠢᠵᠤ ᠪᠠᠢᠭᠰᠠᠨ ᠂ ᠡᠨᠡ ᠵᠦᠴᠦᠬᠡ ᠵᠠᠯᠠᠭᠤᠴᠤᠳ ᠪᠢᠳᠡᠨ ᠳ᠋ᠤ ᠠᠪᠴᠤ ᠬᠡᠯᠡᠪᠡᠯ ᠬᠠᠳᠠᠨ ᠪᠤᠯᠤᠳ ᠵᠤᠷᠢᠭ ᠰᠠᠨᠠᠭ᠎ᠠ ᠂ ᠢᠳᠡᠭᠡᠯ ᠪᠢᠰᠢᠷᠡᠯ ᠪᠠ ᠬᠦᠰᠡᠯᠡᠩ ᠤ᠋ᠨ ᠲᠤᠬᠠᠢ ᠲᠠᠢᠯᠪᠤᠷᠢᠯᠠᠭᠰᠠᠨ ᠬᠢᠴᠢᠶᠡᠯ ᠪᠤᠯᠬᠤ ᠶᠤᠮ》 ᠬᠡᠵᠤ ᠲᠤᠰ ᠵᠦᠴᠦᠭᠡ ᠳ᠋ᠤ ᠸᠢᠺᠲ᠋ᠤᠷ·ᠯᠧᠰᠢᠨᠺᠢ ᠵᠢ ᠲᠤᠭᠯᠠᠭᠰᠠᠨ ᠵᠦ᠍ ᠪᠠᠢ ᠯᠦᠩ ᠬᠡᠯᠡᠨ᠎ᠡ ᠃ ᠫᠠᠸᠸᠯ·ᠺᠦᠷᠴᠠᠺᠢᠨ ᠤ᠋ ᠪᠠᠭᠠᠲᠤᠷᠯᠢᠭ ᠳᠦᠷᠢ ᠶ᠋ᠢ ᠨᠡᠩ ᠠᠮᠢᠳᠤᠯᠢᠭ ᠢᠯᠡᠷᠡᠬᠦᠯᠬᠦ ᠶ᠋ᠢᠨ ᠲᠥᠯᠥᠭᠡ᠂ ᠶᠠᠷᠢᠶᠠᠳᠤ ᠵᠦᠴᠦᠭᠡ ᠳ᠋ᠤ ᠤᠯᠠᠮᠵᠢᠯᠠᠯᠲᠤ ᠬᠦᠦᠷᠨᠢᠯ ᠤ᠋ᠨ ᠬᠡᠪ ᠵᠠᠭ᠍ᠪᠤᠷ ᠢ᠋ ᠲᠠᠶᠠᠭᠳᠠᠵᠦ ᠂ ᠴᠠᠭ ᠣᠷᠣᠨ ᠵᠠᠶ ᠳ᠋ᠤ ᠦᠯᠦ ᠬᠢᠵᠠᠭᠠᠷᠯᠠᠭᠳᠠᠬᠤ ᠣᠳᠣᠬᠢᠴᠢ ᠦᠵᠡᠯ ᠤ᠋ᠨ ᠢᠯᠡᠷᠡᠭᠦᠯᠬᠦ᠌ ᠠᠷᠭ᠎ᠠ ᠶ᠋ᠢ ᠬᠡᠷᠡᠭᠯᠡᠵᠡᠢ ᠃ ᠡᠨᠡ ᠨᠢ ᠲᠤᠰ ᠵᠦᠴᠦᠭᠡ ᠶ᠋ᠢᠨ ᠭᠣᠣᠯ ᠰᠡᠳᠦᠪ ᠤ᠋ᠨ ᠢᠯᠡᠷᠡᠭᠦᠯᠦᠯ ᠪᠠ ᠵᠣᠬᠢᠶᠠᠯ ᠤ᠋ᠨ ᠪᠠᠭᠠᠲᠤᠷ ᠤ᠋ᠨ ᠪᠡᠶᠡᠲᠦ ᠢᠯᠡᠷᠡᠭᠦᠯᠦᠯ ᠢ᠋ ᠴᠢᠩᠭᠠᠳᠭᠠᠭ᠍ᠰᠠᠨ ᠵᠢᠡᠷ ᠪᠠᠷᠠᠬᠤ ᠦᠭᠡᠶ ᠪᠠᠰᠠ ᠬᠤᠷᠴᠠ ᠲᠣᠳᠣ ᠤᠷᠠᠯᠢᠭ ᠤ᠋ᠨ ᠬᠡᠪ ᠨᠠᠮᠪᠠ ᠂ ᠥᠪᠡᠷᠮᠢᠴᠡ ᠤᠨᠴᠠᠭᠠᠢ ᠤᠷᠠᠯᠢᠭ ᠤ᠋ᠨ ᠲᠠᠲᠠᠬᠤ ᠬᠦᠴᠦᠨ ᠲᠡᠶ ᠪᠣᠯᠭᠠᠭᠰᠠᠨ ᠪᠠᠢᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面