ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-08-04 11:07:11

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠨᠠᠢᠷᠠᠭᠤᠯᠤᠬᠴᠢ ᠵᠢᠨ ᠦᠭᠡ ᠄

ᠬᠤᠷᠢᠳᠤᠭᠠᠷ ᠬᠤᠭᠤᠴᠠᠭᠠᠨ ᠤ᠋ ᠲᠤᠮᠳᠠᠳᠦ ᠤᠯᠤᠰ · ᠦᠪᠤᠷ ᠮᠤᠩᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠬᠤᠭᠤᠴᠠᠭᠠᠨ᠎ᠳᠤ ᠂ ᠱᠢᠯᠢᠳᠡᠭ ᠵᠦᠴᠦᠭᠡ᠎ᠶ᠋ᠢᠨ ᠲᠤᠭᠯᠠᠯᠲᠠ᠂ ᠤᠯᠠᠭᠠᠨᠮᠥ᠋ᠴᠢᠷ᠎ᠦᠨ ᠱᠢᠨ᠎ᠡ ᠪᠦᠲᠦᠭᠡᠯ᠎ᠦᠨ ᠲᠣᠭ᠍ᠯᠠᠯᠲᠠ ᠂ ᠳᠤᠮᠳᠠᠳᠤ ᠤᠯᠤᠰ᠎ᠤᠨ ᠫᠢᠫᠠ ᠤᠷᠠᠯᠢᠭ᠎ᠤᠨ ᠦᠵᠡᠭᠦᠯᠭᠡ ᠶ᠋ᠢᠨ ᠲᠣᠭ᠍ᠯᠠᠯᠲᠠ ᠂ 《 ᠮᠦᠡᠭᠭᠡ ᠶ᠋ᠢᠨ ᠴᠤᠤᠷᠢᠶᠠᠲᠤ ᠬᠤᠭᠤᠷ ᠤ᠋ᠨ ᠡᠭᠡᠰᠢᠭ》 ᠦᠨᠳᠦᠰᠦᠲᠡᠨ᠎ᠦ ᠲᠠᠭᠤᠤᠷᠢᠯᠢᠭ᠎ᠤᠨ ᠲᠤᠰᠭᠠᠶ ᠲᠠᠯᠠᠪᠠᠶ ᠲᠤᠬᠯᠠᠯᠳᠠ ᠂ ᠠᠬᠤᠶ ᠦᠵᠡᠭᠳᠡᠯᠲᠦ ᠨᠠᠢᠷᠠᠯ ᠳᠠᠭᠤᠤ ᠶ᠋ᠢᠨ ᠴᠤᠭ᠍ᠯᠠᠭᠠᠨ ᠵᠡᠷᠭᠡ 15 ᠲᠠᠯᠠᠪᠠᠢ ᠰᠢᠯᠢᠳᠡᠭ ᠲᠤᠭᠯᠠᠯᠲᠠ ᠵᠢ ᠲᠤᠬᠢᠷᠠᠭᠤᠯᠵᠦ ᠂ ᠪᠦᠬᠦ᠌ ᠣᠷᠣᠨ ᠤ᠋ ᠦᠨᠳᠦᠰᠦᠲᠡᠨ ᠨᠤᠭᠦᠳ ᠤ᠋ᠨ ᠺᠠᠳ᠋ᠷ ᠣᠯᠠᠨ ᠲᠦᠮᠡᠨ ᠤ᠋ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠵᠢ ᠪᠦᠬᠦ᠌ ᠲᠠᠯ᠎ᠠ ᠪᠠᠷ ᠲᠤᠭᠤᠰᠢᠯᠠᠭᠤᠯᠤᠨ ᠨᠠᠢᠳᠠᠪᠤᠷᠢᠵᠢᠭᠤᠯᠬᠤ ᠂ ᠶᠡᠷᠦᠩᠬᠡᠶ ᠱᠦᠵᠢ ᠰᠢ ᠵᠢᠨ ᠫᠢᠩ ᠤ᠋ᠨ ᠥᠪᠥᠷ ᠮᠣᠩᠭᠣᠯ ᠳ᠋ᠤ ᠲᠤᠱᠢᠶᠠᠭ᠍ᠰᠠᠨ ᠲᠠᠪᠤᠨ ᠶᠡᠬᠡ ᠡᠭᠦᠷᠭᠡ ᠪᠣᠯᠤᠨ ᠵᠢᠱ᠌ᠢᠶᠡᠴᠢ ᠥᠪᠡᠷᠲᠡᠭᠡᠨ ᠵᠠᠰᠠᠬᠤ ᠣᠷᠣᠨ ᠢ᠋ ᠪᠦᠬᠦ᠌ ᠲᠠᠯ᠎ᠠ ᠪᠠᠷ ᠪᠦᠲᠦᠭᠡᠨ ᠪᠠᠢᠭᠤᠯᠬᠤ ᠬᠣᠶᠠᠷ ᠶᠡᠬᠡ ᠶᠠᠪᠤᠳᠠᠯ ᠢ᠋ ᠰᠠᠢᠲᠤᠷ ᠬᠢᠬᠦ᠌ ᠳ᠋ᠤ ᠭᠦᠨ ᠵᠤᠵᠠᠭᠠᠨ ᠪᠠᠶᠠᠷ ᠬᠥᠷ ᠲᠡᠶ ᠰᠣᠶᠣᠯ ᠤ᠋ᠨ ᠠᠭᠤᠷ ᠠᠮᠢᠰᠭᠤᠯ ᠢ᠋ ᠪᠣᠶ ᠪᠤᠯᠭᠠᠭᠰᠠᠨ ᠪᠠᠢᠨ᠎ᠠ ᠃

ᠦᠨᠳᠦᠰᠦᠲᠡᠨ ᠤ᠋ ᠨᠠᠢᠷᠠᠯ ᠬᠥᠭ᠌ᠵᠢᠮ 《ᠮᠣᠩᠭᠣᠯ ᠮᠣᠷᠢ》



QQ截图20230804100908.png


ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠦᠨᠳᠦᠰᠦᠳᠡᠨ ᠤ᠋ ᠬᠦᠭᠵᠢᠮ ᠤ᠋ᠨ ᠪᠦᠯᠬᠦᠮ ᠤ᠋ᠨ ᠲᠤᠭᠯᠠᠭᠰᠠᠨ ᠦᠨᠳᠦᠰᠦᠲᠡᠨ ᠤ᠋ ᠨᠠᠢᠷᠠᠯ ᠬᠥᠭ᠌ᠵᠢᠮ 《ᠮᠣᠩᠭᠣᠯ ᠮᠣᠷᠢ》 ᠨᠢ 《ᠠᠯᠤᠰ ᠭᠠᠵᠠᠷ》 ᠂《 ᠰᠢᠭᠤᠷᠭ᠎ᠠ 》 ᠂ 《 ᠠᠵᠢᠨᠠᠢ ᠬᠦᠯᠦᠭ ᠤ᠋ᠨ ᠵᠢᠪᠬᠤᠭ᠎ᠠ》᠂ 《ᠲᠡᠭᠦᠯᠢᠯᠳᠡ》 ᠵᠡᠷᠭᠡ ᠮᠤᠨᠭᠭᠤᠯ ᠮᠤᠷᠢᠨ ᠤ᠋ ᠳᠡᠰᠪᠦᠷᠢ ᠬᠠᠳᠠᠭᠤᠵᠢᠯᠳᠠᠢ ᠂ ᠵᠤᠷᠢᠭᠰᠠᠨ᠎ᠳᠠᠭᠠᠨ ᠬᠦᠷᠬᠦ ᠪᠡᠷ ᠴᠤᠴᠠᠯᠳᠠ ᠦᠬᠡᠢ ᠤᠷᠤᠬᠰᠢᠯᠠᠳᠠᠭ ᠵᠤᠷᠢᠭ ᠰᠠᠨᠠᠭ᠎ᠠ ᠵᠢ ᠪᠦᠷᠢᠨ ᠢᠯᠡᠳᠬᠡᠵᠦ ᠴᠢᠳᠠᠬᠤᠢᠴᠠ 11 ᠲᠤᠭᠯᠠᠯᠳᠠ ᠪᠡᠷ ᠳᠠᠮᠵᠢᠨ ᠪᠦᠬᠦ ᠤᠷᠤᠨ ᠤ᠋ ᠦᠨᠳᠦᠰᠦᠳᠡᠨ ᠨᠤᠬᠦᠳ ᠤ᠋ᠨ ᠠᠷᠠᠳ ᠲᠦᠮᠡᠨ ᠤ᠋ ᠮᠤᠩᠭᠤᠯ ᠮᠤᠷᠢᠨ᠎ᠤ ᠵᠤᠷᠢᠭ ᠰᠠᠨᠠᠭ᠎ᠠ ᠵᠢ ᠪᠦᠬᠦ ᠲᠠᠯ᠎ᠠ ᠪᠠᠷ ᠪᠠᠳᠠᠷᠠᠭᠤᠯᠤᠨ ᠤᠭ ᠰᠠᠨᠠᠭ᠎ᠠ ᠪᠠᠨ ᠪᠠᠳᠤ ᠴᠡᠭᠡᠵᠢᠯᠡᠵᠦ ᠡᠷᠡᠮᠡᠬᠡᠢᠯᠡᠨ ᠲᠡᠮᠡᠴᠡᠵᠦ ᠪᠠᠢᠭ᠎ᠠ ᠴᠤᠭ ᠵᠢᠪᠬᠤᠭ᠎ᠠ ᠵᠢ ᠬᠠᠷᠠᠭᠤᠯᠤᠭᠰᠠᠨ ᠪᠠᠢᠨ᠎ᠠ ᠃

ᠤᠯᠠᠭᠠᠨᠮᠥ᠋ᠴᠢᠷ ᠤ᠋ᠨ ᠰᠢᠨ᠎ᠡ ᠪᠦᠲᠦᠭᠡᠯ ᠤ᠋ᠨ ᠦᠵᠡᠭᠦᠯᠭᠡ ᠶ᠋ᠢᠨ ᠲᠤᠭᠯᠠᠯᠲᠠ


QQ截图20230804100921.png


ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠨᠠᠮ᠎ᠤᠨ ᠬᠤᠷᠢᠶ᠎ᠠ ᠵᠢᠨ ᠤᠬᠠᠭᠤᠯᠬᠤ ᠬᠡᠯᠲᠡᠰ ᠡᠴᠡ ᠵᠤᠬᠢᠶᠠᠨ ᠪᠠᠢᠭᠤᠯᠤᠭᠰᠠᠨ ᠤᠯᠠᠭᠠᠨᠮᠥ᠋ᠴᠢᠷ ᠤ᠋ᠨ 《ᠰᠤᠷᠤᠯᠴᠠᠬᠤ· ᠰᠢᠨ᠎ᠡ ᠵᠢ ᠡᠭᠦᠳᠬᠦ · ᠲᠤᠭᠯᠠᠬᠤ 》 ᠰᠢᠨ᠎ᠡ ᠪᠦᠲᠦᠭᠡᠯ ᠤ᠋ᠨ ᠦᠵᠡᠭᠦᠯᠭᠡ ᠶ᠋ᠢᠨ ᠲᠤᠭᠯᠠᠯᠲᠠ ᠨᠢ ᠲᠤᠰ ᠲᠤᠰ 8 ᠰᠠᠷ᠎ᠠ ᠶ᠋ᠢᠨ 1 ᠤ᠋ ᠤᠷᠤᠢ ᠵᠢᠴᠢ 8 ᠰᠠᠷ᠎ᠠ ᠶ᠋ᠢᠨ 3 ᠤ᠋ ᠤᠷᠤᠢ ᠬᠤᠶᠠᠷ ᠲᠠᠯᠠᠪᠠᠢ ᠲᠤᠭᠯᠠᠵᠠᠢ ᠃ ᠲᠤᠭᠯᠠᠯᠳᠠ᠎ᠳᠤ ᠮᠠᠨ᠎ᠤ ᠤᠷᠤᠨ᠎ᠤ ᠠᠷᠪᠠ ᠭᠠᠷᠤᠢ ᠦᠨᠳᠦᠰᠦᠨ ᠱᠠᠲᠤᠨ ᠤ᠋ ᠤᠯᠠᠭᠠᠨᠮᠥ᠋ᠴᠢᠷ ᠵᠢᠴᠢ ᠡᠯ ᠷᠸᠨ ᠲᠠᠢ ᠤᠷᠠᠯᠢᠭ ᠤ᠋ᠨ ᠰᠤᠳᠤᠯᠭᠠᠨ ᠤ᠋ ᠬᠦᠷᠢᠶᠡᠯᠡᠡᠭ ᠤᠷᠤᠯᠴᠠᠵᠤ᠂ ᠳᠠᠭᠤᠤᠷᠢᠯᠢᠭ ᠤ᠋ᠨ ᠲᠤᠭᠯᠠᠯᠲᠠ 《ᠬᠤᠷᠢᠳᠤᠭᠠᠷ ᠶᠡᠬᠡ ᠬᠤᠷᠠᠯ ᠢ᠋ ᠮᠠᠭᠲᠠᠨ ᠳᠠᠭᠤᠯᠠᠵᠤ ᠰᠢᠨ᠎ᠡ ᠠᠶᠠᠨ ᠳ᠋ᠦ ᠡᠷᠡᠮᠡᠬᠡᠢᠯᠡᠨ ᠤᠷᠤᠭᠰᠢᠯᠠᠶ᠎ᠠ 》᠂ ᠳᠠᠭᠤᠤ 《 ᠡᠬᠡ ᠤᠯᠤᠰ ᠤ᠋ᠨ ᠤᠮᠠᠷᠠᠲᠤ ᠬᠢᠯᠢ》᠂ ᠪᠦᠵᠢᠭ 《 ᠰᠡᠳᠬᠢᠯ ᠤ᠋ᠨ ᠨᠠᠷᠠ》 ᠂ ᠡᠯ ᠷᠸᠨ ᠲᠠᠢ 《ᠪᠠᠶᠠᠵᠢᠯ ᠤ᠋ᠨ ᠵᠠᠮ ᠳ᠋ᠦ》 ᠮᠡᠲᠦ ᠶ᠋ᠢᠨ ᠪᠠᠶᠠᠯᠢᠭ ᠠᠭᠤᠯᠭ᠎ᠠ ᠪᠦᠬᠦᠢ 17 ᠲᠤᠭᠯᠠᠯᠲᠠ ᠭᠠᠷᠭᠠᠵᠠᠢ᠃

《 ᠮᠦᠡᠭᠭᠡ ᠶ᠋ᠢᠨ ᠴᠤᠤᠷᠢᠶᠠᠲᠤ ᠬᠤᠭᠤᠷ ᠤ᠋ᠨ ᠡᠭᠡᠰᠢᠭ》 ᠲᠤᠰᠬᠠᠢ ᠲᠠᠯᠠᠪᠠᠢ ᠲᠤᠭᠯᠠᠯᠲᠠ


QQ截图20230804100934.png


ᠲᠤᠰ ᠲᠠᠯᠠᠪᠠᠢ ᠲᠤᠭᠯᠠᠯᠲᠠ ᠨᠢ ᠣᠯᠠᠨ ᠲᠦᠮᠡᠨ ᠤ᠋ ᠦᠵᠡᠵᠦ᠍ ᠰᠣᠨᠢᠷᠬᠠᠬᠤ ᠳᠤᠷᠠᠲᠠᠶ ᠮᠣᠩᠭᠣᠯ ᠦᠨᠳᠦᠰᠦᠲᠡᠨ ᠤ᠋ ᠤᠯᠠᠮᠵᠢᠯᠠᠯᠲᠤ ᠳᠠᠭᠤᠤᠷᠢᠯᠢᠭ ᠤ᠋ᠨ ᠦᠯᠢᠭᠡᠷ ᠂ ᠬᠣᠯᠪᠣᠭ᠎ᠠ ᠂ ᠵᠢᠡᠭᠭᠠᠷ ᠤ᠋ᠨ ᠲᠤᠤᠯᠢ ᠂ ᠢᠷᠥᠭᠡᠯ ᠮᠠᠭ᠍ᠲᠠᠭᠠᠯ ᠵᠡᠷᠭᠡ ᠪᠡᠷ ᠲᠠᠮᠵᠢᠨ ᠢᠷᠠᠭᠤ ᠰᠠᠢᠬᠠᠨ ᠦᠭᠡ ᠬᠡᠯᠡ ᠂ ᠵᠢᠪᠬᠤᠭ᠎ᠠ ᠲᠡᠭᠦᠯᠳᠡᠷ ᠠᠢᠵᠠᠮ ᠴᠤᠬᠢᠯᠭ᠎ᠠ ᠪᠠᠷ《ᠬᠤᠪᠢᠰᠭᠠᠯ ᠤ᠋ᠨ ᠲᠡᠦᠬᠡ》᠂《ᠪᠠᠭᠠᠲᠤᠷᠯᠢᠭ ᠲᠤᠤᠯᠢ》 ᠂ 《ᠬᠥᠳᠡᠭᠡ ᠲᠣᠰᠭᠣᠨ ᠤ᠋ ᠬᠥᠭ᠌ᠵᠢᠯ ᠮᠠᠨᠳᠤᠯ》 ᠂ 《ᠨᠢᠭᠡ ᠪᠦᠰᠡ ᠨᠢᠭᠡ ᠵᠠᠮ》 ᠂ 《ᠦᠨᠳᠦᠰᠦᠲᠡᠨ ᠤ᠋ ᠪᠦᠯᠬᠦᠮᠳᠡᠯ》 ᠂ 《ᠠᠭᠤᠤ ᠶᠡᠬᠡ ᠰᠡᠷᠭᠦᠨ ᠮᠠᠨᠳᠤᠯᠲᠠ ᠶ᠋ᠢᠨ ᠳᠤᠮᠳᠠᠳᠤ ᠶ᠋ᠢᠨ ᠵᠡᠭᠦᠳᠦ 》 ᠵᠡᠷᠭᠡ ᠪᠠᠶᠠᠯᠢᠭ ᠠᠭᠤᠯᠭ᠎ᠠ ᠪᠦᠬᠦᠢ ᠱᠢᠨ᠎ᠡ ᠴᠠᠭ ᠦᠶ᠎ᠡ ᠶ᠋ᠢᠨ ᠭᠣᠣᠯ ᠰᠡᠳᠦᠪ ᠢ᠋ ᠬᠦᠤᠷᠨᠢᠵᠦ ᠂ ᠤᠳᠬ᠎ᠠ ᠲᠡᠭᠦᠯᠳᠡᠷ ᠤᠷᠠᠨ ᠲᠤᠭᠯᠠᠯᠲᠠ ᠵᠢ ᠦᠵᠡᠭᠴᠢ ᠤᠯᠠᠨ ᠳ᠋ᠠᠭᠠᠨ ᠲᠡᠪᠰᠢᠬᠦᠯᠪᠡ ᠃

ᠶᠠᠷᠢᠶᠠᠲᠤ ᠵᠦᠴᠦᠭᠡ 《 ᠵᠢᠷᠤᠮᠲᠦ ᠪᠠᠭᠠᠲᠤᠷ ᠤ᠋ᠨ ᠳᠠᠭᠤᠯᠠᠯ 》


QQ截图20230804100956.png


ᠲᠤᠰ ᠵᠦᠴᠦᠭᠡ ᠨᠢ ᠱᠠᠩᠬᠠᠶ ᠂ ᠶᠠᠨ ᠠᠨ ᠂ ᠺᠠᠢᠯᠦ᠍ ᠪᠡᠷ ᠠᠷᠤ ᠦᠵᠡᠭ᠌ᠳᠡᠯ ᠪᠣᠯᠭᠠᠨ᠂ ᠠᠷᠠᠳ ᠤ᠋ᠨ ᠬᠥᠭ᠌ᠵᠢᠮᠴᠢᠨ ᠮᠠᠢ ᠰᠢᠨ ᠤ᠋ ᠬᠤᠪᠢᠰᠬᠠᠯᠲᠤ ᠠᠮᠢᠳᠤᠷᠠᠯ ᠢ᠋ ᠵᠢᠷᠤᠭᠯᠠᠬᠤ ᠪᠡᠷ ᠳᠠᠮᠵᠢᠨ ᠲᠡᠭᠦᠨ ᠤ᠋ ᠶᠠᠫᠤᠨ ᠲᠡᠭᠡᠷᠡᠮᠴᠦᠳ ᠢ᠋ ᠲᠦᠢᠯ ᠶ᠋ᠢᠡᠷ ᠵᠠᠨᠤᠨ ᠬᠣᠷᠣᠰᠴᠤ᠌ ᠂ ᠨᠠᠮ ᠳ᠋ᠠᠭᠠᠨ ᠬᠢᠵᠠᠭᠠᠯᠠᠰᠢ ᠦᠭᠡᠢ ᠦᠨᠡᠨᠴᠢ ᠱᠢᠳᠤᠷᠭᠤ ᠂ ᠠᠷᠠᠳ ᠲᠦᠮᠡᠨ ᠳ᠋ᠡᠭᠡᠨ ᠬᠢᠵᠠᠭᠠᠯᠠᠰᠢ ᠦᠭᠡᠢ ᠬᠠᠢᠷᠠᠲᠠᠢ ᠪᠠᠢᠳᠠᠭ ᠤᠶᠠᠷᠠᠭᠤᠨ ᠵᠢᠪᠬᠤᠯᠠᠡᠭᠲᠤ ᠪᠠᠯᠠᠷᠠᠰᠢ ᠦᠭᠡᠢ ᠨᠢᠭᠡ ᠨᠠᠰᠤ ᠵᠢ ᠮᠠᠭᠲᠠᠨ ᠳᠠᠭᠤᠯᠠᠵᠠᠢ ᠃

ᠵᠡᠬᠦᠨ ᠵᠠᠮ ᠤ᠋ᠨ ᠡᠯ ᠿᠸᠨ ᠲᠠᠢ ᠵᠦᠴᠦᠭᠡ 《ᠬᠣᠩᠬᠣᠷ ᠤ᠋ᠨ ᠭᠠᠯ ᠹᠷᠣᠨᠲ》


QQ截图20230804101008.png


ᠲᠤᠰ ᠵᠦᠴᠦᠭᠡ ᠨᠢ ᠲᠠᠯᠠᠨ ᠬᠠᠷ᠎ᠠ ᠠᠭᠣᠯᠠ ᠵᠢᠨ ᠶᠠᠫᠣᠨ ᠢ᠋ ᠡᠰᠡᠷᠬᠦᠴᠡᠬᠦ ᠰᠠᠭᠣᠷᠢᠨ ᠭᠠᠵᠠᠷ ᠵᠢᠡᠷ ᠲᠡᠦᠬᠡᠨ ᠠᠬᠣᠢ ᠪᠣᠯᠭᠠᠵᠦ ᠂ ᠲᠣᠬᠠᠢ ᠵᠢᠨ ᠭᠠᠵᠠᠷ ᠤ᠋ᠨ ᠶ᠋ᠢᠡᠨ ᠬᠣᠪᠢᠰᠬᠠᠯ ᠤ᠋ᠨ ᠲᠡᠦᠬᠡ ᠰᠣᠶᠣᠯ ᠤ᠋ᠨ ᠡᠬᠢ ᠪᠠᠶᠠᠯᠢᠬ ᠢ᠋ ᠬᠦᠨᠵᠡᠭᠡᠢ ᠠᠭᠣᠲᠠᠯᠣᠨ ᠂ ᠮᠠᠦ ᠲᠡᠷᠢᠬᠦᠯᠡᠭᠴᠢ ᠲᠠᠢ ᠠᠭᠣᠯᠵᠠᠵᠦ ᠦᠩᠭᠡᠷᠡᠭᠰᠡᠨ ᠶᠠᠫᠣᠨ ᠢ᠋ ᠡᠰᠡᠷᠬᠦᠴᠡᠭᠰᠡᠨ ᠪᠠᠭᠠᠲᠣᠷ ᠦ᠋ ᠼᠸ ᠯᠣᠣ ᠵᠡᠷᠭᠡ ᠲᠡᠦᠬᠡᠲᠦ ᠬᠦᠮᠦᠰ ᠤ᠋ᠨ ᠦᠯᠢᠭᠡᠷ ᠶ᠋ᠢᠡᠷ ᠣᠣᠯ ᠲᠦᠷᠢ ᠪᠣᠯᠭᠠᠵᠦ ᠂ ᠮᠠᠨ ᠤ᠋ ᠨᠠᠮ ᠤ᠋ᠨ ᠨᠢᠭᠣᠴᠠ ᠵᠣᠬᠢᠶᠠᠨ ᠪᠠᠢᠭᠣᠯᠣᠯᠲᠠ ᠡᠴᠡ ᠶᠠᠫᠣᠨ ᠢ᠋ ᠡᠰᠡᠷᠬᠦᠴᠡᠬᠦ ᠦᠨᠳᠦᠰᠦᠲᠡᠨ ᠤ᠋ ᠨᠢᠭᠡᠲᠦᠮᠡᠯ ᠹᠷᠣᠨᠲ ᠤ᠋ᠨ ᠲᠦᠷᠦ ᠵᠢᠨ ᠪᠣᠲᠣᠯᠭ᠎ᠠ ᠵᠢ ᠬᠡᠷᠡᠭᠵᠢᠬᠦᠯᠵᠦ ᠂ ᠡᠮᠦᠨ᠎ᠡ ᠹᠷᠣᠨᠲ ᠢ᠋ ᠲᠡᠮᠵᠢᠬᠦ ᠡᠳ᠋ ᠪᠣᠲᠠᠰ ᠢ᠋ ᠨᠢᠭᠣᠴᠠ ᠪᠡᠷ ᠪᠡᠯᠡᠳᠭᠡᠨ ᠵᠦᠭᠡᠭᠡᠪᠦᠷᠢᠯᠡᠵᠦ ᠂ ᠲᠣᠮᠲᠠᠲᠣ ᠣᠯᠣᠰ ᠤ᠋ᠨ ᠡᠪ ᠬᠠᠮᠲᠣ ᠨᠠᠮ ᠤ᠋ᠨ ᠰᠦᠢᠶᠣᠸᠠᠨ ᠮᠣᠵᠢ ᠵᠢᠨ ᠬᠣᠷᠢᠶ᠎ᠠ ᠵᠢᠨ ᠱᠦᠵᠢ ᠪᠠᠢ ᠷᠦ ᠪᠢᠩ ᠢ᠋ ᠬᠠᠮᠠᠭᠠᠯᠠᠨ ᠶᠠᠨ ᠠᠨ ᠳ᠋ᠦ ᠰᠣᠷᠣᠯᠴᠠᠬᠣ ᠪᠡᠷ ᠬᠦᠷᠭᠡᠭᠰᠡᠨ ᠵᠡᠷᠭᠡ ᠦᠯᠢᠭᠡᠷ ᠢ᠋ ᠣᠷᠠᠯᠢᠬ ᠶ᠋ᠢᠡᠷ ᠢᠯᠡᠷᠡᠬᠦᠯᠵᠦ ᠂ ᠡᠭᠡᠲᠡᠷᠡᠭᠡᠨ ᠪᠣᠲᠣᠯᠢᠶᠠᠨᠲᠠᠢ ᠦᠢᠯᠡ ᠶᠠᠪᠣᠲᠠᠯ ᠤ᠋ᠨ ᠲᠣᠮᠲᠠ ᠣᠯᠠᠨ ᠲᠦᠮᠡᠨ ᠳ᠋ᠦ ᠬᠣᠪᠢᠰᠬᠠᠯ ᠤ᠋ᠨ ᠬᠦᠮᠦᠵᠢᠯ ᠬᠦᠷᠲᠡᠭᠡᠬᠦ ᠵᠢ ᠵᠣᠷᠢᠬᠰᠠᠨ ᠪᠠᠢᠨ᠎ᠠ᠃

ᠲᠣᠮᠣ ᠬᠡᠯᠪᠡᠷᠢ ᠵᠢᠨ ᠶᠠᠷᠢᠶᠠᠲᠤ ᠵᠦᠴᠦᠭᠡ《ᠢᠦᠢ ᠯᠦᠩ ᠵᠡᠭᠡᠯᠢ ᠵᠢᠨ 9 ᠳ᠋ᠤᠬᠡᠷ ᠨᠣᠮᠧᠷᠲᠦ》


QQ截图20230804101131.png


ᠲᠤᠰ ᠵᠦᠴᠦᠭᠡ ᠨᠢ ᠢᠦᠢ ᠯᠦᠩ ᠵᠡᠭᠡᠯᠢ ᠵᠢᠨ 9 ᠳ᠋ᠤᠬᠡᠷ ᠨᠣᠮᠧᠷᠲᠦ ᠨᠡᠢᠭᠡᠮ ᠳᠤᠭᠤᠷᠢᠭ ᠤ᠋ᠨ《 ᠬᠥᠳᠡᠯᠮᠦᠷᠢ ᠵᠢᠨ ᠵᠢᠱ᠌ᠢᠶᠡᠴᠢ 》 ᠂ 《ᠶᠣᠰᠣ ᠰᠤᠷᠳᠠᠬᠤᠨ ᠤ᠋ ᠵᠢᠱ᠌ᠢᠶᠡᠴᠢ 》 ᠪᠣᠯᠤᠨ《ᠬᠠᠮᠤᠭ ᠤ᠋ᠨ ᠭᠣᠶᠣ ᠪᠣᠯᠪᠠᠰᠤᠨ ᠭᠡᠷ ᠪᠦᠯᠢ》ᠵᠢᠨ ᠦᠨᠡᠨ ᠪᠣᠳᠠᠲᠠᠢ ᠰᠡᠳᠭᠢᠯ ᠬᠥᠳᠡᠯᠭᠡᠮ᠎ᠡ ᠦᠢᠯᠡ ᠠᠵᠢᠯᠯᠠᠭ᠎ᠠ ᠪᠠᠷ ᠪᠣᠷᠣ ᠮᠠᠲ᠋ᠧᠷᠢᠶᠠᠯ ᠪᠣᠯᠭᠠᠵᠤ ᠂ ᠤᠷᠠᠯᠢᠭ ᠤ᠋ᠨ ᠠᠷᠭ᠎ᠠ ᠪᠠᠷ ᠢᠦᠢ ᠯᠦᠩ ᠵᠡᠭᠡᠯᠢ ᠵᠢᠨ 9 ᠳ᠋ᠤᠬᠡᠷ ᠨᠣᠮᠧᠷᠲᠦ ᠨᠡᠢᠭᠡᠮ ᠲᠣᠭᠣᠷᠢᠭ ᠤ᠋ᠨ ᠭᠧᠩ ᠴᠧᠩ ᠯᠢᠶᠧ ᠂ ᠤᠯᠠᠭᠠᠨᠲᠤᠶᠠᠭ᠎ᠠ ᠵᠢᠨ ᠬᠢᠨ ᠪᠤᠯᠤᠨ ᠰᠠᠭᠤᠭᠠᠯᠢ ᠠᠷᠠᠳ ᠤ᠋ᠨ ᠲᠣᠭᠣᠷᠢᠭ ᠤ᠋ᠨ ᠬᠢᠲᠠᠳ᠂ ᠮᠣᠩᠭᠣᠯ ᠂ ᠳᠠᠭᠤᠷ ᠂ ᠰᠣᠯᠣᠩᠭᠣᠰ ᠵᠡᠷᠭᠡ ᠣᠯᠠᠨ ᠦᠨᠳᠦᠰᠦᠲᠡᠨ ᠯᠤᠭᠡ ᠵᠢᠨ ᠬᠡᠳᠦᠨ ᠠᠷᠪᠠᠨ ᠵᠢᠯ ᠤ᠋ᠨ ᠲᠤᠷᠰᠢᠬᠢ ᠠᠮᠢᠳᠤᠷᠠᠯ ᠤ᠋ᠨ ᠠᠷᠰᠠᠷ ᠶᠠᠪᠤᠳᠠᠯ ᠤᠴᠠᠷᠠᠯ ᠪᠠ ᠬᠤᠪᠢ ᠵᠠᠶᠠᠭᠠᠨ ᠤ᠋ ᠬᠤᠪᠢᠷᠠᠯᠲᠠ ᠵᠢ ᠲᠠᠯᠬᠡᠵᠠᠢ ᠃

ᠲᠠᠭᠣᠣ ᠪᠦᠵᠢᠭᠲᠦ ᠵᠦᠴᠦᠭᠡ 《ᠰᠠᠭᠠᠬ ᠤ᠋ᠨ ᠴᠡᠴᠡᠭ ᠲᠡᠯᠭᠡᠷᠡᠬᠦᠶ᠎ᠡ》


QQ截图20230804101205.png


ᠲᠦᠩᠯᠢᠶᠣᠣ ᠬᠣᠲᠠ ᠵᠢᠨ ᠬᠦᠷᠢᠶ᠎ᠠ ᠬᠣᠰᠢᠭᠣᠨ ᠤ᠋ ᠣᠯᠠᠭᠠᠨᠮᠦᠢ᠍ᠴᠢᠷ ᠤ᠋ᠨ ᠲᠣᠬᠯᠠᠬᠰᠠᠨ ᠲᠠᠭᠣᠣ ᠪᠦᠵᠢᠭᠲᠦ ᠵᠦᠴᠦᠭᠡ 《 ᠰᠠᠭᠠᠬ ᠤ᠋ᠨ ᠴᠡᠴᠡᠭ ᠲᠡᠯᠭᠡᠷᠡᠬᠦᠶ᠎ᠡ 》 ᠪᠤᠯ ᠬᠦᠷᠢᠶ᠎ᠡ ᠬᠣᠰᠢᠭᠣᠨ ᠤ᠋ ᠬᠡᠲᠦᠨ ᠠᠷᠪᠠᠨ ᠵᠢᠯ ᠤ᠋ᠨ ᠬᠦᠭᠵᠢᠯᠲᠡ ᠬᠣᠪᠢᠷᠠᠯᠲᠠ ᠵᠢ ᠲᠣᠰᠬᠠᠬᠰᠠᠨ ᠵᠦᠴᠦᠭᠡ ᠪᠣᠯᠣᠨ᠎ᠠ ᠃ ᠲᠤᠰ ᠵᠦᠴᠦᠭᠡ ᠪᠡᠷ ᠲᠠᠮᠵᠢᠨ ᠬᠦᠷᠢᠶ᠎ᠡ ᠬᠣᠰᠢᠭᠣᠨ ᠤ᠋ ᠨᠠᠮ ᠵᠠᠰᠠᠬ ᠤ᠋ᠨ ᠣᠲᠣᠷᠢᠲᠣᠯᠭ᠎ᠠ ᠠᠷᠠᠳ ᠲᠦᠮᠡᠨ ᠲᠠᠢ ᠨᠢᠬᠲᠠᠷᠠᠨ ᠪᠦᠯᠬᠦᠮᠲᠡᠵᠦ ᠂ ᠮᠠᠩᠬᠠᠨ ᠨᠣᠲᠣᠬ ᠢ᠋ ᠣᠢ ᠮᠣᠲᠣ ᠨᠣᠭᠣᠭᠠᠷᠠᠭᠰᠠᠨ ᠂ ᠠᠷᠠᠳ ᠤ᠋ᠨ ᠠᠮᠢᠲᠣᠷᠠᠯ ᠴᠢᠨᠡᠭᠡᠯᠢᠭᠵᠢᠭᠰᠡᠨ ᠬᠦᠭᠵᠢᠯᠳᠤ ᠨᠤᠳᠤᠭ ᠪᠤᠯᠭᠠᠨ ᠬᠤᠪᠢᠷᠠᠭᠤᠯᠵᠤ ᠂ ᠬᠦᠲᠡᠭᠡ ᠲᠣᠰᠬᠣᠨ ᠢ᠋ ᠬᠦᠭᠵᠢᠬᠦᠯᠦᠨ ᠮᠠᠨᠲᠣᠭᠣᠯᠬᠣ ᠵᠠᠮ ᠶ᠋ᠢᠡᠷ ᠢᠲᠡᠷᠡᠬᠦᠨ ᠣᠷᠣᠬᠰᠢᠯᠠᠵᠤ ᠪᠠᠢᠭ᠎ᠠ ᠠᠮᠵᠢᠯᠲᠠ ᠪᠦᠲᠦᠮᠵᠢ ᠵᠢ ᠬᠠᠷᠠᠭᠤᠯᠤᠭᠰᠠᠨ ᠪᠠᠢᠨ᠎ᠠ᠃

ᠶᠠᠷᠢᠶᠠᠲᠤ ᠵᠦᠴᠦᠭᠡ 《 ᠰᠢᠳᠤᠷᠭᠤ ᠶᠤᠰᠤᠨ ᠤ᠋ ᠦᠮᠦᠭᠯᠡᠯ 》


QQ截图20230804101224.png


ᠪᠤᠭᠤᠲᠤ ᠬᠣᠲᠠ ᠢ᠋ᠢᠨ ᠤᠷᠠᠯᠢᠭ ᠵᠦᠴᠦᠭᠡ ᠢ᠋ᠢᠨ ᠬᠦᠷᠢᠶᠡᠯᠡᠩ ᠤ᠋ᠨ ᠲᠤᠬᠯᠠᠬᠰᠠᠨ ᠶᠠᠷᠢᠶᠠᠲᠤ ᠵᠦᠴᠦᠭᠡ 《ᠱᠢᠳᠤᠷᠭᠤ ᠶᠣᠰᠣᠨ ᠤ᠋ ᠦᠮᠦᠭᠯᠡᠯ》 ᠳ᠋ᠤ ᠬᠤᠪᠢᠰᠭᠠᠯ ᠤ᠋ᠨ ᠲᠦᠯᠦᠬᠡ ᠪᠠᠶ᠎ᠠ ᠦᠷᠡᠭᠳᠡᠭᠰᠡᠨ ᠪᠠᠭᠠᠳᠤᠷ ᠸᠠᠩ ᠷᠦᠸᠸ ᠹᠸᠢ 1931 ᠣᠨ ᠳ᠋ᠤ ᠪᠤᠭᠤᠲᠤ ᠳ᠋ᠤ ᠪᠠᠷᠢᠪᠴᠢᠯᠠᠭ᠍ᠳᠠᠭ᠍ᠰᠠᠨ ᠤ᠋ ᠳᠠᠷᠠᠭ᠎ᠠ᠂ ᠭᠢᠨᠳᠠᠨ ᠲᠤᠳᠤᠷ᠎ᠠ ᠳᠠᠢᠰᠤᠨ ᠲᠠᠶ ᠡᠷᠡᠯᠬᠡᠭ᠌ᠯᠡᠨ ᠲᠡᠮᠡᠴᠡᠭᠰᠡᠨ ᠬᠤᠪᠢᠰᠭᠠᠯ ᠤ᠋ᠨ ᠥᠩᠭᠡᠷᠡᠯᠲᠡ ᠵᠢᠴᠢ ᠸᠠᠩ ᠷᠦᠸᠸ ᠹᠸᠢ ᠵᠢᠨ ᠠᠭᠤᠤ ᠶᠡᠬᠡ ᠬᠤᠪᠢᠰᠬᠠᠯᠳᠤ ᠵᠤᠷᠢᠭ ᠰᠠᠨᠠᠭᠠᠨ ᠤ᠋ ᠨᠦᠯᠦᠬᠡᠯᠡᠯ ᠵᠢᠡᠷ ᠥᠮᠥᠭ᠌ᠯᠡᠬᠦ ᠬᠠᠤᠯᠢᠴᠢ ᠸᠠᠩ ᠯᠦᠩ ᠵᠢᠶᠠᠩ ᠤ᠋ᠨ ᠱᠢᠳᠤᠷᠭᠤ ᠶᠣᠰᠣᠨ ᠤ᠋ ᠲᠥᠯᠥᠭᠡ ᠡᠷᠡᠰ ᠱᠢᠭᠤᠷᠬᠠᠢ ᠥᠮᠥᠭ᠌ᠯᠡᠯ ᠬᠢᠭᠰᠡᠨ ᠦᠯᠢᠭᠡᠷ ᠢ᠋ ᠲᠤᠭᠠᠴᠢᠵᠤ ᠂ ᠳᠤᠮᠳᠠᠳᠤ ᠤᠯᠤᠰ ᠤ᠋ᠨ ᠡᠪ ᠬᠠᠮᠲᠤᠴᠤᠳ ᠤ᠋ᠨ ᠤᠯᠤᠰ ᠤᠷᠤᠨ ᠠᠷᠠᠳ ᠲᠦᠮᠡᠨ ᠤ᠋ ᠪᠡᠨ ᠲᠦᠯᠦᠭᠡ ᠦᠷᠡᠭᠳᠡᠯ ᠰᠤᠢᠳᠤᠯ ᠡᠴᠡ ᠠᠶᠤᠬᠤ ᠦᠬᠡᠢ ᠡᠷᠡᠯᠬᠡᠭᠯᠡᠨ ᠲᠡᠮᠡᠴᠡᠭᠰᠡᠨ ᠱᠢᠳᠤᠷᠭᠤ ᠶᠣᠰᠣᠨ ᠤ᠋ ᠠᠶᠠᠯᠠᠯ ᠢ᠋ ᠬᠦᠦᠷᠨᠢᠵᠠᠢ᠃

ᠪᠦᠵᠢᠭᠳᠦ ᠲᠢᠶᠠᠲᠷ 《ᠦᠵᠡᠭᠳᠡᠯ》


QQ截图20230804101255.png


ᠪᠦᠵᠢᠭᠳᠦ ᠲᠢᠶᠠᠲᠷ 《 ᠦᠵᠡᠭᠳᠡᠯ 》 ᠨᠢ 《 ᠰᠢᠯᠦᠭᠯᠢᠭ ᠤᠷᠤᠨ 》 ᠂ 《ᠬᠦᠰᠡᠯ ᠲᠡᠮᠡᠥᠯᠤᠯᠳᠦ ᠠᠮᠢᠳᠤᠷᠠᠯ》 ᠂ 《ᠲᠤᠩᠭᠠᠯᠳᠠ》 ᠭᠡᠬᠦ ᠭᠤᠷᠪᠠᠨ ᠬᠡᠰᠡᠭ ᠵᠢᠡᠷ ᠪᠦᠷᠢᠯᠳᠦᠵᠦ ᠂ ᠤᠯᠠᠮᠵᠢᠯᠠᠯᠲᠤ ᠤᠳᠭ᠎ᠠ ᠠᠭᠤᠯᠭ᠎ᠠ ᠳᠡᠭᠡᠷᠡᠬᠢ ᠭᠤᠤ᠎ᠠ ᠵᠦᠶ᠎ᠵᠢ ᠲᠠᠶᠠᠭᠳᠠᠵᠦ ᠂ ᠣᠳᠣ ᠦᠶ᠎ᠡ᠎ᠶ᠋ᠢᠨ ᠪᠥᠵᠢᠭ᠎ᠦᠨ ᠰᠠᠨᠠᠭ᠎ᠠ ᠠᠬᠤᠢ ᠂ ᠬᠥᠳᠡᠯᠦᠯ ᠪᠠᠷᠢᠯ᠎ᠢᠶᠡᠷ ᠵᠠᠮᠪᠠᠷᠠᠭ᠎ᠠ ᠦᠬᠡᠢ ᠤᠯᠠᠨ ᠦᠵᠡᠭᠳᠡᠯ᠎ᠢ ᠭᠤᠤᠯ ᠪᠠᠭᠠᠳᠤᠷ᠎ᠤᠨ ᠦᠢᠯᠡ ᠬᠦᠳᠡᠯᠦᠯ᠎ᠢᠶᠡᠷ ᠬᠤᠯᠪᠤᠵᠦ ᠂ ᠬᠦᠮᠦᠨ ᠴᠢᠨᠠᠷ ᠂ ᠬᠠᠢᠷ᠎ᠠ ᠰᠡᠳᠬᠢᠯᠬᠡ᠎ᠵᠢ ᠲᠤᠩᠭᠠᠨ ᠰᠢᠨᠵᠢᠵᠦ ᠂ ᠪᠦᠷᠢᠨ ᠪᠦᠳᠦᠨ ᠭᠤᠤᠯ ᠰᠡᠳᠦᠪ᠎ᠢᠶᠡᠨ ᠤᠷᠠᠯᠢᠭ᠎ᠢᠶᠡᠷ ᠢᠯᠡᠷᠡᠬᠦᠯᠦᠭᠰᠡᠨ ᠪᠦᠳᠦᠭᠡᠯ ᠪᠤᠯᠤᠨ᠎ᠠ ᠃ ᠪᠥᠵᠢᠭ᠌ᠲᠦ ᠲᠢᠶᠠᠲ᠋ᠷ 《ᠦᠵᠡᠭᠳᠡᠯ》 ᠎ᠢ᠋ 2023 ᠤᠨ᠎ᠤ ᠬᠠᠪᠤᠷ ᠂ ᠤᠯᠤᠰ᠎ᠤᠨ ᠲᠤᠮᠤ ᠲᠢᠶᠠᠲᠷ᠎ᠲᠦ ᠠᠩᠬ᠎ᠠ ᠤᠳᠠᠭ᠎ᠠ ᠲᠤᠭᠯᠠᠵᠦ ᠂ ᠪᠦᠬᠦ ᠤᠯᠤᠰ᠎ᠲᠦ ᠠᠯᠳᠠᠷ ᠮᠠᠨᠳᠤᠨ᠂ ᠬᠦᠮᠦᠰ᠎ᠤᠨ ᠬᠠᠯᠠᠭᠤᠨ ᠬᠦᠷᠢᠶᠡᠯᠡᠯ᠎ᠢ ᠤᠯᠵᠠᠢ᠃

ᠮᠠᠡᠭᠬᠠᠨ ᠠᠶᠠᠯᠭᠤᠲᠤ ᠳᠠᠭᠤᠤ ᠬᠦᠭᠵᠢᠮᠲᠤ ᠵᠦᠴᠦᠭᠡ 《ᠰᠡᠳᠬᠢᠯ ᠤ᠋ᠨ ᠬᠤᠯᠪᠤᠭ᠎ᠠ》


QQ截图20230804101233.png


ᠲᠤᠰ ᠵᠦᠴᠦᠭᠡ ᠪᠣᠯ ᠣᠳᠣ ᠦᠶ᠎ᠡ ᠢ᠋ᠢᠨ ᠪᠣᠳᠠᠲᠤ ᠠᠬᠤᠢᠴᠢ ᠰᠡᠳᠦᠪᠲᠦ ᠮᠠᠩᠬᠠᠨ ᠠᠶᠠᠯᠭᠤᠲᠤ ᠲᠠᠢᠰᠠᠨ ᠤ᠋ ᠵᠦᠴᠦᠭᠡ ᠪᠠᠢᠵᠤ᠂ ᠤᠤᠭᠠᠯ ᠮᠠᠩᠬᠠᠨ ᠠᠶᠠᠯᠭᠤᠲᠤ ᠳᠠᠭᠤᠤ ᠬᠥᠭ᠌ᠵᠢᠮ ᠤ᠋ᠨ ᠰᠠᠭᠤᠷᠢᠨ ᠳᠡᠭᠡᠷ᠎ᠡ ᠣᠯᠠᠨ ᠡᠱᠢᠴᠢᠯᠡᠨ ᠢᠯᠡᠳᠭᠡᠬᠦ᠌ ᠬᠡᠯᠪᠡᠷᠢ ᠪᠡᠷ ᠮᠠᠩᠬᠠᠨ ᠠᠶᠠᠯᠭᠤᠲᠤ ᠵᠦᠴᠦᠭᠡ ᠢ᠋ᠢ ᠲᠥᠷᠥᠯᠵᠢᠭᠦᠯᠦᠨ ᠪᠠᠢᠭᠤᠯᠬᠤ ᠢ᠋ᠢ ᠲᠤᠷᠱᠢᠭᠰᠠᠨ ᠲᠠᠢᠰᠠᠨ ᠤ᠋ ᠤᠷᠠᠯᠢᠭ ᠤ᠋ᠨ ᠪᠦᠲᠦᠭᠡᠯ ᠪᠤᠯᠤᠨ᠎ᠠ᠃ ᠵᠦᠴᠦᠭᠡ ᠨᠢ ᠵᠡᠭᠦᠨᠭᠠᠷ ᠤ᠋ᠨ ᠠᠵᠤ ᠦᠶ᠋ᠯᠡᠳᠪᠦᠷᠢ ᠢ᠋ᠢᠨ ᠬᠥᠭ᠌ᠵᠢᠯᠲᠡ ᠢ᠋ᠢᠨ ᠰᠤᠳᠠᠰᠤ ᠪᠠᠷ ᠳᠡᠪᠢᠰᠭᠡᠷ ᠪᠣᠯᠭᠠᠨ᠂ ᠮᠠᠩᠬᠠᠨ ᠠᠶᠠᠯᠭᠤ ᠪᠠᠷ ᠳᠠᠭᠤᠤ ᠬᠥᠭ᠌ᠵᠢᠮ ᠤ᠋ᠨ ᠡᠯᠧᠮᠧᠨ᠋ᠲ ᠪᠣᠯᠭᠠᠵᠤ᠂ ᠲᠤᠬᠠᠶ ᠢ᠋ᠢᠨ ᠭᠠᠵᠠᠷ ᠤ᠋ᠨ ᠠᠳᠠᠯᠢ ᠪᠤᠰᠤ ᠦᠨᠳᠦᠰᠦᠲᠡᠨ ᠤ᠋ ᠬᠣᠶᠠᠷ ᠦᠶ᠎ᠡ ᠢ᠋ᠢᠨ ᠬᠥᠮᠦᠰ ᠤ᠋ᠨ ᠠᠮᠢᠳᠤᠷᠠᠯ ᠤ᠋ᠨ ᠬᠤᠪᠢᠷᠠᠯᠲᠠ᠂ ᠦᠰᠦᠯᠳᠠ ᠪᠣᠢᠵᠢᠯᠲᠠ ᠢ᠋ᠢᠨ ᠳᠤᠷᠠᠰᠤᠮᠵᠢ ᠪᠠᠷ ᠱᠢᠵᠢᠮ ᠪᠣᠯᠭᠠᠨ᠂ ᠦᠨᠳᠦᠰᠦᠨ ᠱᠠᠲᠤᠨ ᠤ᠋ ᠣᠯᠠᠨ ᠲᠦᠮᠡᠨ ᠤ᠋ ᠨᠠᠮ ᠤ᠋ᠨ ᠤᠳᠤᠷᠢᠳᠤᠯᠭ᠎ᠠ ᠳᠤᠤᠷ᠎ᠠ ᠰᠡᠳᠭᠢᠯ ᠨᠢᠭᠡᠳᠦᠨ ᠬᠦᠴᠦ ᠪᠡᠨ ᠬᠠᠮᠲᠤᠳᠬᠠᠵᠤ ᠪᠠᠶᠠᠵᠢᠨ ᠴᠢᠨᠡᠭᠡᠯᠢᠭ᠌ᠵᠢᠵᠦ᠍᠂ ᠬᠦᠰᠡᠯ ᠵᠡᠬᠦᠳᠤ ᠪᠠᠨ ᠲᠡᠷᠭᠡᠯᠰᠢᠬᠦᠯᠬᠦ ᠪᠡᠷ ᠲᠡᠮᠡᠤᠯᠦᠭᠰᠡᠨ ᠰᠡᠳᠭᠢᠯ ᠬᠥᠳᠡᠯᠭᠡᠮ᠎ᠡ ᠥᠯᠢᠭᠡᠷ ᠢ᠋ ᠳᠡᠯᠭᠡᠵᠠᠢ᠃

ᠲᠠᠭᠤᠤ ᠬᠦᠭᠵᠢᠮᠳᠤ ᠵᠦᠴᠤᠭᠡ 《ᠠᠷᠠᠳ ᠤ᠋ᠨ ᠵᠢᠱ᠌ᠢᠶᠡᠴᠢ ᠲᠦᠬᠦᠢᠮ᠎ᠡ》


QQ截图20230804101315.png


ᠲᠠᠭᠤᠤ ᠬᠦᠭᠵᠢᠮᠳᠤ ᠵᠦᠴᠤᠭᠡ《ᠠᠷᠠᠳ ᠤ᠋ᠨ ᠵᠢᠱ᠌ᠢᠶᠡᠴᠢ ᠲᠦᠬᠦᠢᠮ᠎ᠡ》ᠨᠢ《ᠦᠷᠡᠴᠢᠯᠡᠯ》 ᠢ᠋ᠶ᠋ᠡᠷ ᠬᠦᠰᠢᠭᠡ ᠪᠠᠨ ᠰᠡᠬᠦᠵᠤ ᠂ 《ᠳᠠᠢᠨ ᠳ᠋ᠤ ᠮᠤᠷᠳᠠᠯ᠎ᠠ》᠂ 《ᠨᠢᠯᠪᠤᠰᠤ》᠂《ᠠᠶᠠᠷᠯᠠᠯ》᠂ 《ᠱᠢᠨ᠎ᠡ ᠠᠮᠢ》᠂ 《ᠵᠢᠱ᠌ᠢᠶᠡᠴᠢ》 ᠬᠡᠬᠦ 6 ᠦᠵᠡᠭᠳᠡᠯ ᠵᠢᠡᠷ ᠪᠦᠷᠢᠯᠳᠦᠨ ᠂ ᠲᠦᠬᠦᠢᠮ᠎ᠠ ᠬᠢᠭᠡᠳ ᠱᠠᠩᠬᠠᠢ ᠵᠢᠨ ᠦᠨᠦᠴᠢᠨ ᠬᠡᠥᠬᠡᠳ ᠯᠤᠬᠡ ᠵᠢᠨ ᠡᠬᠡ ᠦᠷ᠎ᠡ ᠵᠢᠨ ᠪᠠᠷᠢᠯᠳᠤᠯᠭ᠎ᠠ ᠵᠢ ᠠᠮᠢᠳᠤᠯᠢᠭ ᠰᠠᠢᠬᠠᠨ ᠲᠤᠭᠯᠠᠨ᠂ ᠰᠡᠳᠭᠢᠯ ᠬᠥᠳᠡᠯᠭᠡᠮ᠎ᠡ ᠦᠢᠯᠡ ᠤᠴᠠᠷᠠᠯ ᠵᠢᠡᠷ ᠲᠠᠯ᠎ᠠ ᠨᠤᠲᠤᠭ᠎ᠤᠨ ᠡᠬᠡ ᠵᠢᠨ ᠬᠠᠢᠷ᠎ᠠ ᠵᠢᠨ ᠢᠷᠠᠭᠤ ᠲᠤᠤᠯᠢᠰ᠎ᠢ ᠪᠢᠴᠢᠭᠯᠡᠵᠦ᠂ ᠤᠷᠠᠯᠢᠭ ᠵᠢᠡᠷ ᠴᠠᠭ ᠦᠶ᠎ᠡ ᠶ᠋ᠢᠨ ᠵᠢᠱ᠌ᠢᠶᠡᠴᠢ ᠳ᠋ᠤ ᠬᠦᠨᠳᠦᠳᠭᠡᠯ ᠳᠡᠪᠱᠢᠭᠦᠯᠤᠨ᠂ ᠦᠨᠳᠦᠰᠦᠲᠡᠨ ᠤ᠋ ᠡᠶ᠎ᠡ ᠪᠦᠯᠬᠦᠮᠳᠡᠯ᠂ ᠬᠥᠮᠦᠨ ᠤ᠋ ᠶᠢᠷᠲᠢᠨᠴᠦ᠍ ᠶ᠋ᠢᠨ ᠶᠡᠬᠡ ᠬᠠᠢᠷ᠎ᠠ ᠶ᠋ᠢ ᠮᠠᠭᠳᠠᠨ ᠳᠠᠭᠤᠯᠠᠵᠦ᠂ ᠳᠠᠯ᠎ᠠ ᠨᠤᠲᠤᠭ ᠤ᠋ᠨ ᠦᠬᠢᠳ ᠬᠦᠪᠡᠬᠦᠳ ᠤ᠋ᠨ ᠠᠮᠢ ᠨᠠᠰᠤ ᠵᠢ ᠲᠠᠬᠡᠳᠤᠯᠡᠬᠦ᠂ ᠡᠶ᠎ᠡ ᠵᠤᠬᠢᠴᠠᠯ ᠢ᠋ ᠡᠷᠬᠢᠮᠯᠡᠬᠦ ᠰᠢᠯᠢᠳᠡᠭ ᠤᠯᠠᠮᠵᠢᠯᠠᠯ ᠢ᠋ ᠬᠠᠷᠠᠭᠤᠯᠤᠭᠰᠠᠨ ᠪᠠᠢᠨ᠎ᠠ᠃

ᠳᠤᠮᠳᠠᠳᠤ ᠤᠯᠤᠰ ᠤ᠋ᠨ ᠫᠢᠫᠠ ᠤᠷᠠᠯᠢᠭ ᠤ᠋ᠨ ᠦᠵᠡᠭᠦᠯᠭᠡ ᠶ᠋ᠢᠨ ᠲᠤᠭᠯᠠᠯᠲᠠ


QQ截图20230804101323.png


ᠦᠪᠡᠷᠲᠡᠭᠡᠨ ᠵᠠᠰᠠᠬᠤ ᠤᠷᠤᠨ ᠤ᠋ ᠤᠳᠬ᠎ᠠ ᠤᠷᠠᠯᠢᠭ ᠤ᠋ᠨ ᠬᠢᠨ ᠤ᠋ ᠬᠤᠯᠪᠤᠭ᠎ᠠ ᠡᠴᠡ ᠭᠤᠤᠯᠯᠠᠨ ᠡᠷᠬᠢᠯᠡᠵᠦ᠂ ᠦᠪᠦᠷ ᠮᠤᠡᠭᠭᠤᠯ ᠤ᠋ᠨ ᠳᠠᠭᠤᠤ ᠬᠦᠭᠵᠢᠮᠴᠢᠳ ᠤ᠋ᠨ ᠨᠡᠢᠭᠡᠮᠯᠢᠭ ᠡᠴᠡ ᠳᠠᠭᠠᠭᠠᠴᠢᠯᠠᠨ ᠡᠷᠬᠢᠯᠡᠭᠰᠡᠨ ᠳᠤᠮᠳᠠᠳᠤ ᠤᠯᠤᠰ ᠤ᠋ᠨ ᠫᠢᠫᠠ ᠤᠷᠠᠯᠢᠭ ᠤ᠋ᠨ ᠦᠵᠡᠭᠦᠯᠭᠡ ᠶ᠋ᠢᠨ ᠲᠤᠭᠯᠠᠯᠲᠠ ᠳ᠋ᠦ ᠂ ᠤᠯᠤᠰ ᠤ᠋ᠨ ᠨᠢᠭᠡᠳᠦᠭᠡᠷ ᠳᠡᠰ ᠤ᠋ᠨ ᠬᠦᠭᠵᠢᠮᠴᠢᠨ᠂ ᠡᠯ᠎ᠠ ᠳᠠᠭᠤᠤ ᠤᠷᠠᠯᠢᠭ ᠤ᠋ᠨ ᠶᠡᠬᠡ ᠳᠡᠭᠡᠳᠦ ᠰᠤᠷᠭᠠᠭᠤᠯᠢ ᠶ᠋ᠢᠨ ᠫᠷᠤᠹᠸᠰᠰᠤᠷ ᠂ ᠳ᠋ᠤᠺᠲ᠋ᠤᠷᠠᠨᠲ ᠤ᠋ᠨ ᠵᠢᠯᠤᠭᠤᠳᠤᠭᠴᠢ ᠪᠠᠭᠰᠢ ᠂ ᠲᠡᠷᠢᠭᠦᠨ ᠬᠦᠭᠵᠢᠮᠴᠢᠨ ᠵᠡᠷᠭᠡ ᠨᠡᠷᠡᠲᠦ ᠬᠦᠭᠵᠢᠮᠴᠢᠳ ᠵᠢᠴᠢ 《 ᠵᠤᠤ ᠵᠢᠶᠥ᠋ᠨ ᠬᠤᠨᠳᠠᠭᠠᠲᠤ 》 ᠤᠷᠠᠯᠢᠭ ᠤ᠋ᠨ ᠦᠵᠡᠭᠦᠯᠭᠡ ᠶ᠋ᠢᠨ ᠲᠤᠭᠯᠠᠯᠲᠠ ᠶ᠋ᠢᠨ ᠠᠯᠲᠠᠨ ᠮᠸᠲᠠᠯ ᠤ᠋ᠨ ᠨᠢᠭᠡᠳᠦᠭᠡᠷ ᠳᠡᠰ ᠤ᠋ᠨ ᠤᠷᠠᠯᠢᠭᠴᠢᠳ ᠨᠢᠭᠡ ᠲᠢᠡᠭᠬᠢᠮ ᠳ᠋ᠦ ᠴᠤᠭᠯᠠᠷᠠᠵᠤ ᠂ 《 ᠴᠡᠷᠢᠭ ᠮᠤᠷᠢᠨ ᠤ᠋ ᠰᠠᠳᠠᠭ᠎ᠠ》 ᠂ 《 ᠠᠷᠪᠠᠨ ᠵᠦᠭ ᠤ᠋ᠨ ᠪᠦᠭᠭᠦᠯᠲᠡ》᠂ 《 ᠸᠸᠢ ᠾᠸ ᠭᠤᠤᠯ ᠤ᠋ᠨ ᠳᠤᠷᠠᠰᠤᠮᠵᠢ》 ᠵᠡᠷᠭᠡ ᠲᠤᠭᠯᠠᠯᠲᠠ ᠤ᠋ᠳ ᠶ᠋ᠢᠡᠷ ᠳᠤᠮᠳᠠᠳᠤ ᠤᠯᠤᠰ ᠤ᠋ᠨ ᠫᠢᠫᠠ ᠤᠷᠠᠯᠢᠭ ᠤ᠋ᠨ ᠷᠢᠳᠢ ᠰᠢᠳᠢ ᠵᠢ ᠦᠵᠡᠭᠴᠢ ᠲᠦᠮᠡᠨ ᠳ᠋ᠡᠭᠡᠨ ᠰᠤᠨᠢᠷᠬᠠᠭᠤᠯᠤᠭᠰᠠᠨ ᠪᠠᠢᠨ᠎ᠠ᠃

《 ᠰᠤᠳᠤᠨ ᠤᠷᠠᠯᠢᠭ 》 ᠲᠠᠰᠤᠯᠪᠤᠷᠢ ᠰᠢ ᠶ᠋ᠢᠨ ᠪᠦᠳᠦᠬᠡᠯ ᠤ᠋ᠨ ᠬᠠᠮ ᠲᠤᠭᠯᠠᠯᠲᠠ


QQ截图20230804101342.png


ᠲᠤᠰ ᠲᠠᠯᠠᠪᠠᠢ ᠲᠤᠭᠯᠠᠯᠲᠠ ᠳ᠋ᠦ ᠭᠤᠤᠯᠳᠠᠭᠤ ᠥᠪᠥᠷ ᠮᠣᠩᠭᠣᠯ ᠤ᠋ᠨ ᠰᠢ ᠵᠦᠴᠦᠭᠡᠴᠢᠳ ᠤ᠋ᠨ ᠨᠡᠢᠭᠡᠮᠯᠢᠭ ᠤ᠋ᠨ ᠥᠷᠨᠢᠭᠦᠯᠦᠭ᠌ᠰᠡᠨ 《 ᠣᠲᠣ ᠦᠶ᠎ᠡ ᠶ᠋ᠢᠨ ᠰᠢ ᠵᠦᠴᠦᠭᠡ ᠶ᠋ᠢᠨ ᠨᠠᠷᠠᠲᠤ ᠬᠥᠮᠦᠰ ᠱᠠᠪᠢ ᠡᠯᠰᠡᠵᠦ᠍ ᠤᠷᠠᠯᠢᠭ ᠤᠯᠠᠮᠵᠢᠯᠠᠬᠤ ᠢᠨᠵᠧᠨᠧᠷᠢᠩ — ᠤᠷᠠᠨ ᠰᠠᠢᠬᠠᠨ ᠤ᠋ ᠲᠣᠭ᠍ᠯᠠᠯᠲᠠ ᠶ᠋ᠢᠨ ᠵᠠᠯᠠᠭᠤ ᠴᠢᠳᠠᠪᠤᠷᠢᠲᠠᠨ ᠢ᠋ ᠬᠥᠮᠦᠵᠢᠭᠦᠯᠬᠦ᠌ 》 ᠲᠥᠷᠥᠯ ᠵᠦᠶ᠋ᠯ ᠤ᠋ᠨ ᠦᠷ᠎ᠡ ᠪᠦᠲᠦᠭᠡᠯ ᠢ᠋ ᠳᠡᠯᠭᠡᠨ ᠦᠵᠡᠭᠦᠯᠪᠡ ᠃ ᠮᠠᠨ ᠤ᠋ ᠤᠷᠤᠨ ᠤ᠋ ᠨᠡᠯᠢᠶᠡᠳ ᠲᠤᠷᠱᠢᠯᠭ᠎ᠠ ᠲᠠᠶ ᠱᠢᠯᠢᠳᠡᠭ ᠵᠠᠯᠠᠭᠤ ᠲᠣᠭ᠍ᠯᠠᠭ᠍ᠴᠢᠳ ᠨᠡᠷᠡᠲᠦ ᠤᠷᠠᠯᠢᠭ᠍ᠴᠢᠳ ᠲᠠᠶ ᠭᠠᠷ ᠬᠣᠯᠪᠣᠨ ᠬᠠᠮᠲᠤ ᠪᠠᠷ ᠲᠣᠭ᠍ᠯᠠᠵᠤ ᠂ ᠤᠯᠠᠮᠵᠢᠯᠠᠯ ᠤ᠋ᠨ ᠤᠯᠠ ᠮᠦᠷ ᠢ᠋ ᠮᠥᠷᠳᠡᠨ ᠂ ᠬᠠᠢᠨ ᠰᠦᠪᠡᠭ᠌ᠴᠢᠯᠡᠵᠦ᠍ ᠱᠢᠨ᠎ᠡ ᠵᠢ ᠡᠭᠦᠳᠦᠨ ᠂ ᠪᠡᠭᠡᠵᠢᠩ ᠵᠦᠴᠦᠭᠡ ᠂ ᠱᠠᠨ ᠰᠢ ᠵᠦᠴᠦᠭᠡ ᠂ ᠡᠯ ᠷᠧᠨ ᠲᠡᠶ ᠵᠦᠴᠦᠭᠡ ᠂ ᠮᠠᠩᠬᠠᠨ ᠵᠦᠴᠦᠭᠡ ᠪᠤᠯᠤᠨ ᠫᠢᠩ ᠵᠢᠦᠶ ᠵᠦᠴᠦᠭᠡ ᠵᠡᠷᠭᠡ 5 ᠵᠦᠴᠦᠭᠡ ᠶ᠋ᠢᠨ ᠲᠥᠷᠥᠯ ᠤ᠋ᠨ ᠭᠤᠢᠳᠠ ᠭᠠᠯᠪᠢᠷ᠎ᠢ ᠦᠵᠡᠭᠴᠢ ᠤᠯᠠᠨ ᠳ᠋ᠤ ᠰᠤᠨᠢᠷᠬᠠᠭᠤᠯᠤᠭᠰᠠᠨ ᠪᠠᠢᠨ᠎ᠠ ᠃

ᠶᠠᠷᠢᠶᠠᠲᠤ ᠵᠦᠴᠦᠭᠡ 《 ᠪᠣᠯᠣᠳ ᠬᠡᠷᠬᠢᠨ ᠬᠠᠳᠠᠭᠠᠭᠳᠠᠭᠰᠠᠨ ᠪᠤᠶ 》


QQ截图20230804101332.png


ᠶᠠᠷᠢᠶᠠᠲᠤ ᠵᠦᠴᠦᠭᠡ 《 ᠪᠣᠯᠣᠳ ᠬᠡᠷᠬᠢᠨ ᠬᠠᠳᠠᠭᠠᠭᠳᠠᠭᠰᠠᠨ ᠪᠤᠶ 》 ᠳ᠋ᠦ ᠂ ᠫᠠᠸᠸᠯ· ᠺᠤᠢ᠍ᠷᠴᠠᠺᠢᠨ᠎ᠤ ᠣᠷᠣᠭ᠎ᠠ ᠪᠤᠰᠭᠠᠭ᠎ᠠ ᠴᠠᠭ ᠦᠶ᠎ᠡ᠎ᠳᠦ ᠳᠠᠷᠤᠯᠠᠯ ᠲᠤᠷᠤᠮᠵᠢᠯᠠᠯ᠎ᠢ ᠠᠮᠰᠠᠵᠤ ᠪᠠᠢᠭ᠍ᠰᠠᠨ ᠪᠠᠭᠠᠴᠤᠳ᠎ᠠᠴᠠ ᠡᠪ ᠬᠠᠮᠲᠤ ᠵᠠᠯᠠᠭᠤᠴᠤᠳ᠎ᠤᠨ ᠡᠪᠯᠡᠯ᠎ᠳᠦ ᠣᠷᠣᠵᠤ ᠠᠭᠤᠤ ᠶᠡᠬᠡ ᠬᠤᠪᠢᠰᠭᠠᠯ᠎ᠤᠨ ᠵᠠᠮ᠎ᠢᠶᠠᠷ ᠵᠠᠮᠨᠠᠨ ᠂ ᠦᠬᠦᠵᠤ ᠰᠡᠬᠡᠬᠦ᠌᠎ᠡᠴᠡ ᠠᠶᠤᠬᠤ ᠦᠭᠡᠢ ᠡᠷᠡᠯᠬᠡᠭ ᠪᠠᠭᠠᠲᠤᠷᠯᠢᠭ ᠪᠠᠢᠯᠳᠤᠭ᠍ᠴᠢ ᠪᠣᠯᠤᠭ᠍ᠰᠠᠨ ᠵᠢᠴᠢ ᠲᠠᠢ᠌ᠨ᠎ᠦ ᠱᠢᠷᠬ᠎ᠠ ᠰᠣᠷᠪᠢ᠎ᠶ᠋ᠢ ᠡᠮᠨᠡᠨ ᠵᠠᠰᠠᠬᠤ ᠂ ᠠᠵᠤ ᠠᠬᠤᠢ᠎ᠶ᠋ᠢᠨ ᠪᠦᠳᠦᠭᠡᠨ ᠪᠠᠢᠭᠤᠯᠤᠯᠲᠠ᠎ᠶ᠋ᠢ ᠰᠡᠷᠭᠦᠭᠡᠬᠦ᠌ ᠴᠠᠭ ᠦᠶ᠎ᠡ᠎ᠳᠦ ᠂ ᠡᠪᠡᠳᠴᠢᠨ ᠡᠮᠭᠡᠭ᠎ᠦᠨ ᠲᠠᠷᠴᠢᠯᠠᠭᠠᠯ᠎ᠢ ᠢᠯᠠᠨ ᠳᠠᠪᠠᠵᠤ ᠂ ᠰᠠᠯᠬᠢ ᠱᠢᠭᠤᠷᠭ᠎ᠠ ᠬᠠᠬᠢᠷ ᠬᠦᠢᠳᠡᠨ᠎ᠡᠴᠡ ᠠᠶᠤᠬᠤ ᠦᠭᠡᠢ᠎ᠪᠡᠷ ᠬᠦᠴᠢᠷ ᠪᠡᠷᠬᠡᠱᠢᠶᠡᠯᠲᠦ ᠡᠮᠦᠨ᠎ᠡ ᠹᠷᠣᠨᠲ᠎ᠲᠤ ᠠᠵᠢᠯᠯᠠᠵᠤ ᠂ ᠡᠴᠦᠰ᠎ᠲᠡᠬᠡᠨ ᠨᠤᠭᠤᠷᠠᠰᠢ ᠦᠭᠡᠢ ᠬᠠᠳᠠᠨ ᠵᠣᠷᠢᠭ᠎ᠢᠶᠠᠷ ᠡᠷᠡᠰ ᠪᠠᠲᠤ ᠡᠪ ᠬᠠᠮᠲᠤ ᠶᠣᠰᠣᠨ᠎ᠤ ᠪᠤᠯᠤᠳ ᠪᠠᠢᠯᠳᠤᠭ᠍ᠴᠢ ᠪᠣᠯᠤᠭ᠍ᠰᠠᠨ ᠥᠩᠭᠡᠷᠡᠯᠲᠡ᠎ᠶ᠋ᠢ ᠦᠵᠡᠭᠴᠢ ᠲᠦᠮᠡᠨ ᠤ᠋ ᠡᠮᠦᠨ᠎ᠠ ᠭᠦᠢᠴᠡᠳ ᠢᠯᠡᠷᠡᠭᠦᠯᠵᠡᠢ᠃

《ᠳᠦᠷᠪᠡᠨ ᠤᠯᠠᠷᠢᠯ》 ᠠᠬᠤᠢ ᠦᠵᠡᠭᠳᠡᠯᠲᠦ ᠨᠠᠢᠷᠠᠯ ᠳᠠᠭᠤᠤ ᠶ᠋ᠢᠨ ᠴᠤᠭᠯᠠᠭᠠᠨ


QQ截图20230804101352.png


ᠲᠤᠰ ᠲᠠᠯᠠᠪᠠᠢ ᠲᠤᠭᠯᠠᠯᠲᠠ ᠨᠢ 《ᠮᠤᠩᠭᠤᠯ ᠮᠤᠷᠢ》 ᠂《ᠲᠦᠳᠡᠭ ᠭᠠᠯ》 ᠂ 《ᠳᠦᠷᠪᠡᠨ ᠨᠠᠰᠤᠲᠠᠢ ᠬᠠᠯᠢᠭᠤᠨ》 ᠂ 《ᠦᠨᠦᠴᠢᠨ ᠪᠤᠳᠤᠭᠤ》 ᠂ 《ᠳᠦᠷᠪᠡᠨ ᠤᠯᠠᠷᠢᠯ》 ᠵᠡᠷᠭᠡ ᠭᠤᠢᠳᠠ ᠰᠠᠢᠬᠠᠨ 12 ᠲᠤᠭᠯᠠᠯᠲᠠ ᠪᠡᠷ ᠳᠠᠮᠵᠢᠨ ᠂ ᠥᠪᠥᠷ ᠮᠣᠩᠭᠣᠯ ᠤ᠋ᠨ ᠠᠷᠠᠳ ᠲᠦᠮᠡᠨ ᠤ᠋ ᠦᠶ᠎ᠡ ᠤᠯᠠᠷᠢᠨ ᠠᠮᠢ ᠠᠬᠤᠢ ᠣᠷᠴᠢᠨ ᠲᠣᠭᠣᠷᠢᠨ ᠶ᠋ᠢᠡᠨ ᠬᠠᠮᠠᠭᠠᠯᠠᠭᠰᠠᠭᠠᠷ ᠢᠷᠡᠭᠰᠡᠨ ᠰᠣᠶᠣᠯ ᠤ᠋ᠨ ᠬᠡᠪ ᠴᠢᠨᠠᠷ ᠢ᠋ ᠢᠯᠡᠷᠡᠬᠦᠯᠵᠤ ᠂ ᠬᠥᠮᠦᠨ ᠲᠥᠷᠥᠯᠬᠢᠲᠡᠨ ᠤ᠋ ᠡᠬᠡ ᠪᠠᠢᠭᠠᠯᠢ ᠪᠠᠨ ᠬᠠᠢᠷᠠᠯᠠᠨ ᠬᠠᠮᠠᠭᠠᠯᠠᠬᠤ ᠬᠠᠢᠷ᠎ᠠ ᠰᠡᠳᠬᠢᠯᠭᠡ ᠵᠢ ᠮᠠᠭᠳᠠᠨ ᠳᠠᠭᠤᠯᠠᠵᠤ ᠂ ᠬᠥᠮᠦᠰ ᠤ᠋ᠨ ᠠᠮᠢ ᠨᠠᠰᠤ ᠵᠢ ᠬᠦᠨᠳᠦᠳᠭᠡᠬᠦ᠌ ᠰᠡᠳᠭᠢᠯᠭᠡ ᠵᠢ ᠬᠥᠭ᠌ᠵᠢᠭᠡᠨ ᠂ ᠰᠠᠢ᠌ᠨ ᠰᠠᠢᠬᠠᠨ ᠠᠮᠢᠳᠤᠷᠠᠯ ᠤ᠋ᠨ ᠬᠦᠰᠡᠯ ᠡᠷᠡᠮᠡᠯᠵᠡᠯ ᠤ᠋ᠨ ᠲᠤᠬᠠᠢ ᠴᠢᠩ ᠦᠨᠡᠨᠴᠢ ᠬᠠᠢᠷ᠎ᠠ ᠰᠡᠳᠭᠢᠯᠭᠡ ᠵᠢ ᠢᠯᠡᠷᠡᠬᠦᠯᠵᠡᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面