2023-08-05 18:10:42
《ᠲᠡᠷᠡ ᠨᠢᠭᠡ ᠤᠨ ᠡᠴᠡ ᠬᠤᠢᠰᠢ᠂ ᠨᠢᠭᠡᠨ ᠤᠭᠰᠠᠭ᠎ᠠ ᠡᠷᠬᠡ ᠪᠡᠨ ᠲᠠᠶᠠᠭᠳᠠᠨ ᠨᠡᠢᠬᠡᠮ ᠡᠴᠡ ᠠᠭᠯᠠᠭᠯᠠᠵᠦ᠂ ᠲᠦᠷᠦ ᠵᠢᠨ ᠲᠤᠰᠢᠶᠠᠯ ᠢ᠋ ᠶᠡᠬᠦᠯᠡᠨ ᠠᠮᠤᠷ ᠵᠢᠷᠭᠠᠯ ᠢ᠋ ᠡᠳ᠋ᠯᠡᠵᠦᠬᠦᠢ᠃ ᠪᠢᠶᠠᠨ ᠵᠢᠩ ᠬᠣᠲᠠᠨ᠎ᠠ ᠵᠢᠰᠤᠷ ᠵᠠᠯᠢᠬᠠᠶ ᠵᠦᠪ ᠪᠤᠷᠤᠭᠤ ᠬᠤᠳᠬᠤᠯᠳᠤᠨ᠂ ᠪᠠᠯᠴᠢᠷ ᠦᠷ᠎ᠡ ᠵᠢ ᠮᠢᠨᠢ ᠰᠦᠷᠳᠡᠨ ᠰᠤᠴᠢᠭᠠᠵᠤᠬᠤᠢ ᠬᠡᠮᠨᠨ ᠡᠮᠢᠶᠡᠮᠤᠢ ᠁》 ᠮᠦ᠍ ᠬᠦᠢ ᠶᠢᠩ ᠳᠠᠭᠤᠯᠠᠵᠦ ᠪᠠᠢᠨ᠎ᠠ᠃ 8 ᠰᠠᠷ᠎ᠠ ᠵᠢᠨ 4 ᠤ᠋ ᠤᠷᠤᠢ᠂ ᠪᠡᠬᠡᠵᠢᠩ ᠤ᠋ᠨ ᠪᠡᠭᠡᠵᠢᠩ ᠰᠢ ᠵᠢᠨ ᠵᠦᠴᠦᠭᠡ ᠵᠢᠨ ᠬᠦᠷᠢᠶᠡᠯᠡᠩ ᠤ᠋ᠨ ᠬᠢᠨ ᠤᠯᠠᠭᠠᠨ ᠲᠢᠶᠠᠲᠷ ᠲᠦ᠍ 《ᠮᠦ᠍ ᠬᠦᠢ ᠶᠢᠩ ᠴᠡᠷᠢᠭ ᠳᠠᠢᠴᠢᠯᠠᠭᠰᠠᠨ ᠨᠢ》ᠬᠡᠬᠦ ᠰᠤᠩᠭᠤᠳᠠᠭ ᠵᠦᠴᠦᠬᠡ ᠵᠢ ᠲᠤᠭᠯᠠᠵᠦ᠂ ᠬᠦᠬᠡᠬᠤᠳᠠ ᠵᠢᠨ ᠰᠢ ᠵᠦᠴᠦᠭᠡ ᠵᠢᠨ ᠬᠤᠷᠤᠬᠠᠢᠳᠠᠳ ᠲᠦ᠍ ᠪᠡᠭᠡᠵᠢᠩ ᠰᠢ ᠵᠢ ᠤᠯᠵᠤ ᠰᠤᠨᠢᠷᠬᠠᠬᠤ ᠤᠯᠳᠠᠰᠢ ᠦᠬᠡᠢ ᠰᠠᠢᠬᠠᠨ ᠲᠤᠬᠢᠶᠠᠯ ᠬᠠᠩᠭᠠᠯ᠎ᠠ᠃
ᠲᠤᠮᠳᠠᠳᠦ ᠵᠢᠨ ᠰᠢᠯᠢᠳᠡᠭ ᠤᠯᠠᠮᠵᠢᠯᠠᠯᠳᠦ ᠰᠤᠶᠤᠯ ᠤᠷᠠᠯᠢᠭ ᠤ᠋ᠨ ᠭᠠᠢᠬᠠᠮᠰᠢᠭ ᠢ᠋ ᠬᠠᠷᠠᠭᠤᠯᠤᠭᠰᠠᠨ ᠪᠡᠭᠡᠵᠢᠩ ᠰᠢ《ᠮᠦ᠍ ᠬᠦᠢ ᠶᠢᠩ ᠴᠡᠷᠢᠭ ᠳᠠᠢᠴᠢᠯᠠᠭᠰᠠᠨ ᠨᠢ》 ᠪᠤᠯ ᠬᠤᠷᠢᠳᠤᠭᠠᠷ ᠬᠤᠭᠤᠴᠠᠭᠠᠨ ᠤ᠋ ᠲᠤᠮᠳᠠᠳᠦ ᠤᠯᠤᠰ·ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠤᠨᠴᠠ ᠤᠷᠢᠭᠰᠠᠨ ᠲᠤᠭᠯᠠᠯᠳᠠ ᠵᠢᠨ ᠨᠢᠭᠡ ᠪᠤᠯᠤᠨ᠎ᠠ᠃ ᠵᠦᠴᠦᠭᠡ ᠳ᠋ᠤ᠂ ᠪᠠᠷᠠᠭᠤᠨ ᠱᠢᠶᠠ ᠤᠯᠤᠰ ᠰᠦᠩ ᠤᠯᠤᠰ ᠢ᠋ ᠲᠦᠷᠢᠮᠡᠬᠡᠢᠯᠡᠭᠰᠡᠨ ᠳ᠋ᠤ ᠰᠦᠩ ᠤᠯᠤᠰ ᠤ᠋ᠨ ᠱᠧ ᠲᠠᠢ ᠵᠢᠶᠦ᠋ᠨ ᠲᠤᠰᠬᠠᠢᠯᠠᠨ ᠵᠢᠴᠢ ᠤᠮᠪᠤᠯᠤ ᠶᠠᠩ ᠸᠸᠨ ᠭᠤᠸᠠᠩ᠂ ᠶᠠᠩ ᠵᠢᠨ ᠬᠤᠸᠠ ᠵᠢ ᠲᠣᠮᠢᠯᠠᠨ ᠪᠢᠶᠠᠨ ᠯᠢᠶᠠᠩ ᠳ᠋ᠤ ᠣᠴᠢᠭᠤᠯᠵᠤ᠂ ᠴᠡᠷᠢᠭ ᠳᠠᠢᠨ ᠤ᠋ ᠪᠠᠢᠳᠠᠯ ᠢ᠋ ᠳᠠᠩᠨᠠᠭᠤᠯᠵᠠᠶ᠃ ᠲᠤᠬᠠᠶ ᠶ᠋ᠢᠨ ᠦᠶ᠎ᠡ ᠳ᠋ᠤ ᠴᠡᠷᠢᠭ ᠤ᠋ᠨ ᠶᠠᠪᠤᠳᠠᠯ ᠤ᠋ᠨ ᠵᠤᠷᠭᠠᠨ ᠤ᠋ ᠡᠷᠬᠢᠨ ᠰᠠᠢᠳ ᠸᠠᠩ ᠴᠢᠶᠠᠩ ᠲᠡᠭᠦᠨ ᠤ᠋ ᠬᠥᠪᠡᠭᠦᠨ ᠸᠠᠩ ᠯᠦᠨ ᠢ᠋ ᠦᠷᠯᠦᠭ ᠵᠠᠩᠵᠤᠨ ᠵᠢᠡᠷ ᠪᠠᠲᠤᠯᠠᠨ ᠲᠠᠨᠢᠯᠴᠠᠭᠤᠯᠵᠤ᠂ ᠴᠡᠷᠢᠭ ᠤ᠋ᠨ ᠡᠷᠬᠡ ᠶ᠋ᠢ ᠬᠤᠯᠠᠭᠠᠢᠯᠠᠬᠤ ᠪᠠᠷ ᠭᠣᠷᠢᠳᠠᠵᠤ ᠪᠠᠢᠪᠠ᠃ ᠭᠡᠲᠡᠯ᠎ᠡ ᠶᠡᠬᠡ ᠰᠠᠢᠳ ᠺᠧᠦ ᠵᠦ᠋ᠨ ᠬᠠᠷᠢᠨ ᠶᠠᠩ ᠤᠪᠤᠭᠳᠦ ᠵᠢᠨ ᠪᠠᠭᠠᠲᠤᠷᠴᠤᠳ ᠢ᠋ ᠪᠠᠲᠤᠯᠠᠨ ᠲᠠᠨᠢᠯᠴᠠᠭᠤᠯᠵᠤ᠂ ᠡᠷᠳᠡᠮ ᠮᠦᠷᠦᠢᠴᠡᠭᠡᠨ ᠤ᠋ ᠲᠠᠯᠠᠪᠠᠢ ᠳ᠋ᠤ ᠴᠡᠷᠢᠭ ᠤ᠋ᠨ ᠡᠷᠳᠡᠮ ᠮᠥᠷᠥᠢᠴᠡᠵᠦ᠍᠂ ᠦᠷᠯᠦᠭ ᠵᠠᠩᠵᠤᠨ ᠰᠢᠯᠭᠠᠷᠠᠭᠤᠯᠬᠤ ᠳᠤᠷᠠᠳᠤᠯᠭ᠎ᠠ ᠭᠠᠷᠭᠠᠵᠠᠢ᠃ ᠮᠦᠷᠦᠢᠴᠡᠭᠡᠨ ᠳ᠋ᠤ ᠸᠠᠩ ᠯᠦᠨ ᠵᠠᠯᠭᠠᠭ᠎ᠠ ᠪᠠᠷ ᠬᠡᠳᠦᠨ ᠲᠠᠯᠠᠪᠠᠢ ᠢᠯᠠᠵᠤ᠂ ᠰᠡᠭᠦᠯᠡᠷ ᠨᠢ ᠶᠠᠩ ᠸᠸᠨ ᠭᠤᠸᠠᠩ ᠤ᠋ᠨ ᠦᠬᠢᠨ ᠳᠡᠭᠦᠦ ᠮᠦᠷᠦᠢᠴᠡᠭᠡᠨ ᠤ᠋ ᠲᠠᠯᠠᠪᠠᠢ ᠳ᠋ᠤ ᠳᠠᠭᠠᠷᠢᠨ ᠤᠷᠤᠭᠠᠳ ᠸᠠᠩ ᠯᠦᠨ ᠢ᠋ ᠢᠯᠠᠪᠠ᠃ ᠰᠦᠩ ᠤᠯᠤᠰ ᠤ᠋ᠨ ᠬᠠᠭᠠᠨ ᠲᠡᠭᠦᠨ ᠢ᠋ ᠶᠠᠩ ᠣᠪᠣᠭ᠍ᠲᠤ ᠶ᠋ᠢᠨ ᠬᠣᠢᠴᠢᠰ ᠭᠡᠳᠡᠭ ᠢ᠋ ᠮᠡᠳᠡᠭᠡᠳ ᠲᠡᠷᠡ ᠬᠣᠶᠠᠭᠤᠯᠠ ᠶ᠋ᠢ ᠦᠷᠯᠦᠭ ᠤ᠋ᠨ ᠲᠠᠮᠠᠭ᠎ᠠ ᠪᠠᠨ ᠠᠪᠴᠤ᠌ ᠭᠡᠷ ᠲᠡᠬᠡᠨ ᠬᠠᠷᠢᠵᠤ᠂ ᠮᠦ᠍ ᠬᠦᠢ ᠶᠢᠩ ᠵᠢᠡᠷ ᠦᠷᠯᠦᠭ ᠵᠠᠩᠵᠤᠨ ᠪᠤᠯᠭᠠᠵᠦ ᠴᠡᠷᠢᠭ ᠳᠠᠢᠴᠢᠯᠠᠭᠤᠯᠬᠤ ᠪᠡᠷ ᠵᠠᠷᠯᠢᠭ ᠪᠠᠭᠤᠯᠭᠠᠪᠠ᠃ ᠰᠦᠩ ᠤᠯᠤᠰ ᠤ᠋ᠨ ᠬᠠᠭᠠᠨ ᠬᠠᠷᠬᠢᠰ ᠬᠠᠷᠠᠮᠴᠢ ᠮᠦᠷᠳᠡᠭᠡᠨ ᠡᠯᠪᠡᠷᠢᠯ ᠦᠬᠡᠢ ᠲᠤᠯᠠ ᠮᠦ᠍ ᠬᠦᠢ ᠶᠢᠩ ᠬᠠᠭᠠᠨ ᠲᠦᠷᠦ᠍ᠶ᠋ᠢᠨ ᠲᠥᠯᠥᠭᠡ ᠬᠦᠴᠦ ᠵᠢᠳᠬᠦᠬᠦ ᠳᠤᠷ᠎ᠠ ᠦᠭᠡᠢ ᠪᠠᠢᠵᠦ᠂ ᠸᠧᠨ ᠭᠤᠸᠠᠩ ᠤ᠋ᠨ ᠲᠠᠮᠠᠭ᠎ᠠ ᠶ᠋ᠢ ᠠᠪᠴᠢᠷᠠᠭᠰᠠᠨ ᠳ᠋ᠤ ᠪᠤᠷᠤᠭᠤᠰᠢᠶᠠᠨ ᠵᠢᠮᠡᠯᠡᠪᠡ᠃ ᠱᠧ ᠲᠠᠢ ᠵᠢᠶᠦ᠋ᠨ ᠶᠡᠬᠡ ᠳᠠᠯ᠎ᠠ ᠵᠢ ᠪᠤᠳᠤᠯᠬᠢᠯᠠᠨ᠂ ᠲᠡᠭᠦᠨ ᠢ᠋ ᠬᠠᠷᠢ ᠶ᠋ᠢᠨ ᠳᠠᠷᠤᠯᠠᠯ ᠢ᠋ ᠡᠰᠡᠷᠭᠦᠴᠡᠬᠦ᠌ ᠪᠡᠷ ᠢᠳᠭᠠᠭ᠍ᠰᠠᠨ ᠡᠴᠡ ᠮᠦ᠍ ᠬᠦᠢ ᠶᠢᠩ ᠳᠠᠬᠢᠨᠲᠠ ᠴᠡᠷᠢᠭ ᠳᠠᠢᠴᠢᠯᠠᠨ ᠲᠠᠢ᠌ᠨ ᠳ᠋ᠤ ᠮᠣᠷᠳᠠᠭᠰᠠᠨ ᠦᠯᠢᠭᠡᠷ ᠢ᠋ ᠲᠤᠭᠯᠠᠵᠠᠢ ᠃
ᠲᠤᠰ ᠵᠦᠴᠦᠭᠡ ᠪᠤᠯ ᠮᠧᠢ ᠯᠠᠨ ᠹᠠᠩ ᠶᠡᠬᠡ ᠪᠠᠭᠰᠢᠳᠠᠨ ᠡᠴᠡ ᠰᠢᠨ᠎ᠠ ᠲᠤᠮᠳᠠᠳᠤ ᠤᠯᠤᠰ ᠪᠠᠢᠭᠤᠯᠤᠭᠳᠠᠭᠰᠠᠨ 10 ᠵᠢᠯ ᠤ᠋ᠨ ᠤᠢ ᠳ᠋ᠤ ᠵᠤᠷᠢᠭᠤᠯᠵᠤ ᠪᠦᠳᠦᠭᠡᠭᠰᠡᠨ ᠰᠤᠩᠭᠤᠳᠠᠭ ᠰᠢ ᠵᠦᠴᠦᠭᠡ ᠪᠤᠯᠤᠨ᠎ᠠ᠃ 《ᠡᠨᠡ ᠤᠳᠠᠭ᠎ᠠ ᠪᠢᠳᠡ ᠬᠤᠷᠢᠳᠤᠭᠠᠷ ᠬᠤᠭᠤᠴᠠᠭᠠᠨ ᠤ᠋ ᠲᠤᠮᠳᠠᠳᠦ ᠤᠯᠤᠰ·ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠤᠷᠤᠯᠴᠠᠵᠦ᠂ ᠡᠨᠡ ᠬᠦ᠌ ᠤᠯᠠᠮᠵᠢᠯᠠᠯᠳᠦ ᠰᠤᠩᠭᠤᠳᠠᠭ ᠵᠦᠴᠦᠭᠡ ᠵᠢ ᠦᠪᠦᠷ ᠮᠤᠨᠭᠭᠤᠯ ᠤ᠋ᠨ ᠠᠷᠠᠳ ᠲᠦᠮᠡᠨ ᠳ᠋ᠤ ᠰᠤᠨᠢᠷᠬᠠᠭᠤᠯᠬᠤ ᠭᠡᠵᠦ 73 ᠲᠤᠭᠯᠠᠭᠴᠢ ᠲᠠᠢ ᠢᠷᠡᠯ᠎ᠠ᠃ ᠨᠢᠳᠤᠨᠤᠨ ᠮᠠᠨ ᠤ᠋ ᠪᠡᠭᠡᠵᠢᠩ ᠰᠢ ᠵᠦᠴᠦᠭᠡ ᠵᠢᠨ ᠬᠦᠷᠢᠶᠡᠯᠡᠩ ᠨᠢ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠲᠠᠢ ᠪᠠᠢᠯᠳᠤᠬᠤ ᠪᠤᠳᠤᠯᠭ᠎ᠠ ᠵᠢᠨ ᠬᠠᠮᠳᠤᠷᠠᠯᠴᠠᠭᠠᠨ ᠤ᠋ ᠬᠡᠯᠡᠯᠴᠡᠭᠡᠷ ᠲᠤᠭᠳᠠᠵᠤ᠂ ᠡᠨᠡ ᠤᠳᠠᠭᠠᠨ ᠤ᠋ ᠲᠤᠭᠯᠠᠯᠳᠠ ᠪᠤᠯ ᠲᠤᠰ ᠬᠠᠮᠳᠤᠷᠠᠯᠴᠠᠭᠠᠨ ᠤ᠋ ᠦᠷᠬᠦᠯᠵᠢᠯᠡᠯ ᠪᠤᠯᠤᠨ᠎ᠠ᠃ ᠡᠨᠡ ᠨᠢ ᠪᠡᠭᠡᠵᠢᠩ ᠦᠪᠦᠷ ᠮᠤᠨᠭᠭᠤᠯ ᠤ᠋ᠨ ᠬᠠᠮᠵᠢᠯᠴᠠᠭᠠᠨ ᠳ᠋ᠤ ᠴᠦ᠍ ᠴᠢᠬᠤᠯᠠ ᠦᠢᠯᠡᠳᠦᠯ ᠦᠵᠡᠬᠦᠯᠬᠦ ᠶᠤᠮ》 ᠭᠡᠵᠦ ᠪᠡᠬᠡᠵᠢᠩ ᠤ᠋ᠨ ᠪᠡᠭᠡᠵᠢᠩ ᠰᠢ ᠵᠢᠨ ᠵᠦᠴᠦᠭᠡ ᠵᠢᠨ ᠬᠦᠷᠢᠶᠡᠯᠡᠩ ᠤ᠋ᠨ ᠳᠡᠳ᠋ ᠳᠠᠷᠤᠭ᠎ᠠ ᠵᠦ᠍ ᠵᠢᠶᠠ ᠬᠡᠯᠡᠨ᠎ᠡ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃