2023-07-25 10:00:17
ᠺᠸᠠᠨ᠋ᠲ ᠤ᠋ᠨ ᠬᠦᠴᠦᠨ ᠤ᠋ ᠤᠬᠠᠭᠠᠨ᠂ ᠳᠣᠯᠭᠢᠶᠠᠨ ᠤ᠋ ᠬᠦᠴᠦᠨ ᠤ᠋ ᠤᠬᠠᠭᠠᠨ᠂ ᠵᠢᠭ᠍ᠰᠠᠯ ᠤ᠋ᠨ ᠬᠦᠴᠦᠨ ᠤ᠋ ᠤᠬᠠᠭᠠᠨ ᠁ 7 ᠰᠠᠷ᠎ᠠ ᠶ᠋ᠢᠨ 24 ᠤ᠋ ᠤᠷᠤᠢ ᠬᠦᠬᠡᠬᠤᠳᠠ ᠳ᠋ᠡᠬᠢ ᠣᠯᠠᠭᠠᠨ ᠲᠢᠶᠠᠲ᠋ᠷ ᠲᠦ᠍ ᠦᠵᠡᠭᠴᠢᠳ ᠡᠢᠨ ᠬᠦ᠌ ᠴᠢᠬᠢᠨ ᠳ᠋ᠤ ᠬᠠᠳᠠᠩᠱᠢᠭ᠍ᠰᠠᠨ ᠤᠯᠠᠨ ᠠᠷᠪᠢᠨ ᠹᠢᠽᠢᠺᠦᠨ ᠤᠬᠠᠭᠠᠨ ᠤ᠋ ᠨᠡᠷ᠎ᠡ ᠲᠤᠮᠢᠶ᠎ᠡ ᠵᠢᠨ ᠲᠤᠮᠳᠠ ᠂ ᠭᠤᠷᠪᠠᠬᠠᠨ ᠲᠤᠭᠯᠠᠭᠴᠢ ᠲᠠᠢ ᠶᠠᠷᠢᠶᠠᠲᠤ ᠵᠦᠴᠦᠭᠡ 《ᠺᠤᠫᠸᠨ᠋ᠬᠠᠭ᠌ᠸᠨ》 ᠢ᠋ ᠤᠷᠮᠠᠳᠠᠢ ᠰᠤᠨᠢᠷᠬᠠᠵᠠᠭᠠᠨᠠ ᠃
ᠳᠤᠮᠳᠠᠳᠤ ᠤᠯᠤᠰ ᠤ᠋ᠨ ᠤᠯᠤᠰ ᠤ᠋ᠨ ᠶᠠᠷᠢᠶᠠᠲᠤ ᠵᠦᠴᠦᠭᠡ ᠶ᠋ᠢᠨ ᠬᠦᠷᠢᠶᠡᠯᠡᠩᠤᠨ ᠲᠤᠬᠯᠠᠬᠴᠢᠳᠤᠨ ᠲᠤᠭᠯᠠᠭᠰᠠᠨ ᠶᠠᠷᠢᠶᠠᠲᠤ ᠵᠦᠴᠦᠭᠡ 《ᠺᠤᠫᠸᠨ᠋ᠬᠠᠭ᠌ᠸᠨ》 ᠪᠤᠯ ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠤᠨᠴᠠ ᠤᠷᠢᠭᠰᠠᠨ ᠦᠵᠡᠬᠦᠯᠬᠡ ᠵᠢᠨ ᠲᠤᠭᠯᠠᠯᠳᠠ ᠵᠢᠨ ᠨᠢᠬᠡ ᠪᠤᠯᠤᠨ᠎ᠠ᠃ ᠲᠤᠰ ᠶᠠᠷᠢᠶᠠᠳᠤ ᠵᠦᠴᠦᠬᠡ ᠨᠢ ᠬᠠᠢᠰᠸᠠᠪᠦ᠋ᠷᠡᠭ᠌᠂ ᠪᠥᠸᠯ ᠵᠢᠴᠢ ᠲᠡᠭᠦᠨ ᠤ᠋ ᠬᠡᠷᠬᠡᠢ ᠮᠠᠭ᠌ᠸᠯᠢᠲᠸ ᠭᠤᠷᠪᠠᠭᠤᠯᠠ ᠶ᠋ᠢᠨ ᠶᠠᠷᠢᠯᠴᠠᠭ᠎ᠠ ᠪᠡᠷ ᠳᠠᠮᠵᠢᠨ 1941 ᠤᠨ ᠤ᠋ ᠺᠤᠫᠸᠨ᠋ᠬᠠᠭ᠌ᠸᠨ ᠳ᠋ᠡᠬᠢ ᠠᠭᠤᠯᠵᠠᠯᠲᠠ ᠶ᠋ᠢᠨ ᠨᠢᠭᠤᠴᠠ ᠵᠢ ᠲᠠᠢᠯᠬᠤ ᠵᠢ ᠵᠤᠷᠢᠪᠠ᠃ ᠵᠦᠴᠦᠭᠡ ᠶ᠋ᠢᠨ ᠲᠠᠢᠰᠠᠨ ᠳ᠋ᠤ ᠭᠤᠷᠪᠠᠨ ᠰᠠᠨᠳᠠᠯᠢ᠂ ᠬᠣᠶᠠᠷ ᠡᠭᠦᠳᠡ᠂ ᠭᠤᠷᠪᠠᠬᠠᠨ ᠲᠣᠭ᠍ᠯᠠᠭ᠍ᠴᠢ ᠲᠠᠢ ᠪᠠᠢᠵᠤ᠂ ᠲᠡᠳᠡ 《ᠬᠠᠢ᠌ᠰᠸᠨᠪᠦ᠋ᠷᠡᠭ ᠶᠠᠭᠤᠨ ᠳ᠋ᠦ ᠢᠷᠡᠭ᠌ᠰᠡᠨ ᠪᠤᠢ》 ᠭᠡᠬᠦ᠌ ᠰᠡᠳᠦᠪ ᠤ᠋ᠨ ᠲᠣᠭᠣᠷᠢᠨ ᠳ᠋ᠤ ᠲᠤᠬᠠᠢ ᠶ᠋ᠢᠨ ᠡᠳᠦᠷᠦᠨ 10 ᠮᠢᠨᠦ᠋ᠲ ᠤ᠋ᠨ ᠨᠢᠭᠤᠴᠠ ᠶᠠᠷᠢᠯᠴᠠᠭᠠᠨ ᠤ᠋ ᠪᠠᠢᠳᠠᠯ ᠢ᠋ ᠲᠠᠬᠢᠨ ᠳᠠᠪᠲᠠᠨ ᠢᠯᠡᠷᠡᠭᠦᠯᠵᠦ᠍᠂ ᠲᠤᠰ ᠲᠤᠰ ᠤ᠋ᠨ ᠬᠠᠷᠠᠭᠠᠰᠤ ᠪᠠ ᠵᠣᠭ᠍ᠰᠣᠯᠲᠠ ᠪᠠᠨ ᠢᠯᠡᠳᠭᠡᠨ ᠵᠠᠳᠠᠯᠵᠤ ᠤᠬᠤᠴᠢᠯᠠᠭᠰᠠᠨ ᠪᠣᠯᠪᠠᠴᠤ᠌ ᠡᠴᠦᠰ ᠲᠡᠬᠡᠨ ᠮᠦᠨ ᠬᠦ᠌ ᠪᠦᠳᠦᠮᠵᠢᠳᠠᠢ ᠬᠠᠷᠢᠭᠤᠯᠲᠠ ᠤᠯᠵᠤ ᠴᠢᠳᠠᠭ᠍ᠰᠠᠨ ᠦᠭᠡᠢ᠂ ᠬᠠᠷᠢᠨ ᠰᠦᠭ ᠰᠦᠨᠡᠰᠤ ᠪᠠ ᠬᠦᠮᠦᠨᠴᠢ ᠴᠢᠨᠠᠷ ᠤ᠋ᠨ ᠲᠤᠬᠠᠢ ᠭᠦᠨᠵᠡᠭᠡᠢ ᠵᠡᠳᠡᠯᠪᠡ ᠃ ᠢᠩᠬᠢᠬᠡᠳ ᠲᠤᠰ ᠵᠦᠴᠦᠭᠡ ᠨᠢ ᠱᠢᠨᠵᠢᠯᠡᠬᠦ᠌ ᠤᠬᠠᠭᠠᠨ ᠡᠰᠢ ᠶᠤᠰᠤᠨ ᠤ᠋ ᠲᠤᠬᠠᠢ ᠪᠤᠳᠤᠯᠬᠢᠯᠠᠯ᠂ ᠬᠥᠮᠦᠨ ᠠᠷᠠᠳ ᠤ᠋ᠨ ᠲᠤᠬᠠᠢ ᠬᠠᠯᠠᠮᠵᠢᠯᠠᠯ᠂ ᠬᠦᠮᠦᠨ ᠨᠡᠢᠬᠡᠮ ᠤ᠋ᠨ ᠵᠣᠷᠢᠭ ᠰᠠᠨᠠᠭᠠᠨ ᠤ᠋ ᠲᠤᠬᠠᠢ ᠪᠠᠷᠢᠮᠲᠠᠯᠠᠯ ᠢ᠋ ᠢᠯᠡᠷᠡᠭᠦᠯᠦᠭᠰᠡᠨ ᠪᠠᠢᠨ᠎ᠠ ᠃
《 ᠶᠠᠷᠢᠶᠠᠲᠤ ᠵᠦᠴᠦᠭᠡ 〈ᠺᠤᠫᠸᠨ᠋ᠬᠠᠭᠧᠨ〉 ᠳ᠋ᠦ 〈ᠲᠠᠩᠨᠠᠭᠤᠯ ᠬᠠᠢ᠌ᠰᠸᠨᠪᠦ᠋ᠷᠡᠭ〉 ᠂ 〈ᠢᠳᠬᠠᠭᠴᠢ ᠬᠠᠢ᠌ᠰᠸᠨᠪᠦ᠋ᠷᠡᠭ〉 ᠪᠤᠯᠤᠨ 〈ᠱᠢᠨᠵᠢᠯᠡᠬᠦ᠌ ᠤᠬᠠᠭᠠᠨ ᠪᠠ ᠤᠭ ᠰᠠᠨᠠᠭ᠎ᠠ ᠪᠠᠨ ᠪᠠᠲᠤ ᠰᠠᠬᠢᠭᠰᠠᠨ ᠬᠠᠢ᠌ᠰᠸᠨᠪᠦ᠋ᠷᠡᠭ〉ᠢ ᠪᠢᠴᠢᠭ᠌ᠰᠡᠨ ᠪᠤᠯᠪᠠᠴᠦ ᠦᠵᠡᠭᠴᠢᠳ ᠲᠦ᠍ ᠱᠢᠨᠵᠢᠯᠡᠬᠦ᠌ ᠤᠬᠠᠭᠠᠨ ᠪᠠ ᠤᠭ ᠰᠠᠨᠠᠭ᠎ᠠ ᠪᠠᠨ ᠪᠠᠲᠤ ᠰᠠᠬᠢᠭᠰᠠᠨ ᠬᠠᠢ᠌ᠰᠸᠨᠪᠦ᠋ᠷᠡᠭ ᠢ᠋ ᠲᠠᠨᠢᠯᠴᠠᠭᠤᠯᠬᠤ ᠵᠢ ᠵᠤᠷᠢᠵᠠᠢ᠃ ᠠᠲ᠋ᠣᠮ ᠤ᠋ᠨ ᠪᠥᠮᠪᠥᠭᠡ ᠵᠢ ᠰᠤᠳᠤᠯᠤᠨ ᠦᠢᠯᠡᠳᠬᠦ ᠳ᠋ᠦ ᠬᠠᠢ᠌ᠰᠸᠨᠪᠦ᠋ᠷᠡᠭ ᠤ᠋ᠨ ᠡᠷᠲᠡᠮ ᠮᠡᠳᠡᠯᠭᠡ ᠠᠰᠠᠭᠤᠳᠠᠯ ᠦᠭᠡᠢ᠂ ᠭᠡᠲᠡᠯ᠎ᠡ ᠰᠤᠳᠤᠯᠤᠨ ᠦᠢᠯᠡᠳᠴᠦ ᠳᠠᠢᠨ ᠤ᠋ ᠲᠠᠯᠠᠪᠤᠷ ᠲᠦ᠍ ᠬᠡᠷᠡᠭᠯᠡᠪᠡᠯ ᠤᠯᠤᠰ ᠤᠷᠤᠨ ᠮᠦᠬᠦᠵᠦ᠂ ᠬᠦᠮᠦᠨ ᠠᠷᠠᠳ ᠤ᠋ᠨ ᠭᠡᠷ ᠤᠷᠤᠨ ᠪᠤᠰᠠᠨᠢᠨ ᠰᠠᠷᠨᠢᠬᠤ ᠪᠤᠯᠤᠨ᠎ᠠ᠃ ᠪᠢ ᠬᠠᠢ᠌ᠰᠸᠨᠪᠦ᠋ᠷᠡᠭ ᠤ᠋ᠨ ᠡᠬᠡ ᠤᠷᠤᠨᠴᠢ᠂ ᠠᠷᠠᠳ ᠲᠦᠮᠡᠨᠴᠢ ᠬᠠᠢᠷ᠎ᠠ ᠰᠡᠳᠬᠢᠯᠬᠡ ᠵᠢ ᠦᠵᠡᠭᠴᠢ ᠤᠯᠠᠨ ᠳ᠋ᠤ ᠤᠷᠠᠯᠢᠭ ᠵᠢᠡᠷ ᠲᠠᠮᠵᠢᠨ ᠢᠯᠡᠷᠡᠬᠦᠯᠦᠭᠰᠡᠨ ᠳ᠋ᠡᠬᠡᠨ ᠮᠠᠰᠢ ᠤᠷᠮᠠᠳᠠᠢ ᠪᠠᠢᠨ᠎ᠠ》 ᠭᠡᠵᠦ ᠬᠠᠢ᠌ᠰᠸᠨᠪᠦ᠋ᠷᠡᠭ ᠢ᠋ ᠲᠤᠭᠯᠠᠭᠰᠠᠨ ᠳᠤᠮᠳᠠᠳᠤ ᠤᠯᠤᠰ ᠤ᠋ᠨ ᠤᠯᠤᠰ ᠤ᠋ᠨ ᠶᠠᠷᠢᠶᠠᠲᠤ ᠵᠦᠴᠦᠭᠡᠶ᠋ᠢᠨ ᠬᠦᠷᠢᠶᠡᠯᠡᠩ ᠤ᠋ᠨ ᠨᠢᠭᠡᠳᠦᠭᠡᠷ ᠳᠡᠰ ᠤ᠋ᠨ ᠲᠤᠭᠯᠠᠭᠴᠢ ᠯᠢ ᠶᠸ ᠶᠠᠷᠢᠵᠤ ᠪᠠᠢᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠮᠦᠩᠭᠦᠨᠬᠤᠸᠠᠷ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃