ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-07-26 09:41:14

ᠵᠣᠬᠢᠶᠠᠭ᠍ᠴᠢ᠄ ᠼᠠᠢ ᠬᠤᠡᠭ ᠣᠩᠱᠢᠭ᠍ᠰᠠᠨ ᠣᠳᠠᠭ᠎ᠠ᠄ 3

《ᠤᠷᠤᠭᠰᠢᠯᠠᠭᠠᠷᠠᠢ ᠂ ᠪᠢᠲᠡᠭᠡᠢ ᠤᠬᠤᠷᠢ ᠂ ᠨᠢᠭᠡᠨᠲᠡ ᠮᠦᠬᠦᠵᠦ ᠰᠡᠭᠡᠬᠦ ᠶ᠋ᠢᠨ ᠡᠴᠦᠰ ᠤ᠋ᠨ ᠮᠦᠴᠡ ᠳ᠋ᠦ ᠬᠦᠷᠪᠡ ᠁》 ᠤᠷᠭᠢᠯᠤᠮ᠎ᠠ ᠬᠠᠯᠠᠭᠤᠨ ᠬᠤᠪᠢᠰᠬᠠᠯ ᠤ᠋ᠨ ᠳᠠᠭᠤᠤ ᠠᠭᠤᠳᠠᠮ ᠲᠢᠡᠭᠬᠢᠮ ᠳ᠋ᠦ ᠴᠤᠤᠷᠢᠶᠠᠳᠤᠨ ᠦᠵᠡᠭᠴᠢ ᠲᠦᠮᠡᠨ ᠢ᠋ ᠲᠤᠭᠲᠤᠯᠤᠭᠤᠯᠤᠨ᠎ᠠ᠃ 7 ᠰᠠᠷ᠎ᠠ ᠶ᠋ᠢᠨ 25 ᠤ᠋ ᠤᠷᠤᠢ ᠺᠠᠢᠯᠦ ᠰᠢᠶᠠᠨ ᠤ᠋ ᠤᠯᠠᠭᠠᠨᠮᠦ᠋ᠴᠢᠷ ᠡᠴᠡ ᠶᠡᠷᠢᠶᠠᠳᠤ ᠵᠦᠴᠦᠭᠡ 《ᠵᠢᠷᠤᠮᠲᠦ ᠪᠠᠭᠠᠲᠤᠷ ᠤ᠋ᠨ ᠳᠠᠭᠤᠯᠠᠯ》 ᠢ᠋ ᠬᠦᠬᠡᠬᠤᠲᠠ ᠶ᠋ᠢᠨ ᠦᠨᠳᠦᠰᠦᠲᠡᠨ ᠤ᠋ ᠲᠢᠶᠠᠲ᠋ᠷ ᠲᠦ᠍ ᠲᠤᠭᠯᠠᠪᠠ ᠃


2.1.jpg


ᠬᠤᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠦᠪᠦᠷ ᠮᠤᠡᠭᠭᠤᠯ ᠤ᠋ᠨ ᠲᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠰᠢᠯᠢᠳᠡᠭ ᠲᠤᠭᠯᠠᠯᠲᠠ ᠶ᠋ᠢᠨ ᠨᠢᠭᠡ ᠪᠤᠯᠬᠤ 《ᠵᠢᠷᠤᠮᠲᠦ ᠪᠠᠭᠠᠲᠤᠷ ᠤ᠋ᠨ ᠳᠠᠭᠤᠯᠠᠯ》 ᠬᠡᠬᠦ ᠶᠠᠷᠢᠶᠠᠳᠤ ᠵᠦᠴᠦᠭᠡ ᠨᠢ ᠱᠠᠩᠬᠠᠶ ᠂ ᠶᠠᠨ ᠠᠨ ᠂ ᠺᠠᠢᠯᠦ᠍ ᠪᠡᠷ ᠠᠷᠤ ᠦᠵᠡᠭ᠌ᠳᠡᠯ ᠪᠣᠯᠭᠠᠨ ᠂ ᠠᠷᠠᠳ ᠤ᠋ᠨ ᠬᠥᠭ᠌ᠵᠢᠮᠴᠢᠨ ᠮᠠᠶ ᠱᠢᠨ ᠤ᠋ ᠭᠡᠷᠡᠯ ᠰᠠᠴᠤᠷᠠᠩᠭᠤᠶ ᠪᠥᠭᠡᠳ ᠣᠬᠣᠷᠬᠠᠨ ᠨᠢᠭᠡ ᠨᠠᠰᠤ ᠵᠢ ᠤᠷᠠᠯᠢᠭ ᠤ᠋ᠨ ᠬᠡᠯᠪᠡᠷᠢ ᠪᠡᠷ ᠳᠠᠬᠢᠨ ᠢᠯᠡᠷᠡᠭᠦᠯᠪᠡ ᠃ 1931 — 1945 ᠣᠨ ᠬᠦᠷᠳᠡᠯᠡᠬᠢ ᠳᠤᠮᠳᠠᠳᠤ ᠵᠢᠨ ᠦᠨᠳᠦᠰᠦᠲᠡᠨ ᠭᠠᠰᠠᠯᠠᠩ ᠵᠣᠪᠠᠯᠠᠩ ᠢ᠋ ᠬᠠᠱᠢᠷᠠᠲᠠᠯ᠎ᠠ ᠠᠮᠰᠠᠭ᠍ᠰᠠᠨ ᠦᠶ᠎ᠡ ᠳ᠋ᠤ ᠮᠠᠶ ᠱᠢᠨ ᠤ᠋ ᠵᠣᠬᠢᠶᠠᠨ ᠪᠦᠲᠦᠭᠡᠭ᠌ᠰᠡᠨ 《ᠳᠠᠮ ᠢᠯᠳᠦ᠍ ᠵᠢᠨ ᠤᠷᠤᠭ᠍ᠰᠢᠯᠠᠯᠲᠠ ᠵᠢᠨ ᠬᠥᠭ᠌ᠵᠢᠮ》 ᠨᠢ ᠳᠠᠢᠴᠢᠨ ᠪᠦᠷᠢᠶ᠎ᠡ ᠰᠢᠤᠬᠠᠨ ᠵᠢᠨᠷ ᠬᠥᠮᠦᠰ ᠢ᠋ ᠵᠣᠷᠢᠭ᠍ᠵᠢᠭᠤᠯᠵᠤ ᠂ ᠤᠯᠤᠰ ᠳᠠᠶᠠᠭᠠᠷ ᠲᠦ᠍ ᠮᠠᠰᠢ ᠲᠦᠷᠭᠡᠨ ᠤᠯᠠᠮᠵᠢᠯᠠᠭ᠍ᠳᠠᠨ᠂ ᠦᠷᠭᠡᠨ ᠤᠯᠠᠨ ᠲᠦᠮᠡᠨ ᠤ᠋ ᠶᠠᠫᠤᠨ ᠲᠦᠷᠢᠮᠡᠬᠡᠢᠯᠡᠭ᠌ᠴᠢᠳ ᠢ᠋ ᠡᠰᠡᠷᠭᠦᠴᠡᠬᠦ᠌ ᠡᠷᠴᠢ ᠵᠤᠷᠢᠭ ᠢ᠋ ᠬᠦᠪᠴᠢᠯᠡᠵᠦ᠂ ᠲᠩᠷᠢ ᠭᠠᠵᠠᠷ ᠢ᠋ ᠳᠣᠩᠰᠣᠯᠭᠠᠭ᠍ᠰᠠᠨ ᠬᠦᠷᠬᠢᠷᠡᠯ ᠪᠠ ᠠᠮᠢ ᠴᠦᠯᠡᠨ ᠲᠡᠮᠡᠴᠡᠬᠦ᠌ ᠲᠡᠮᠡᠴᠡᠯ ᠢ᠋ ᠪᠤᠢ ᠪᠤᠯᠭᠠᠵᠠᠢ ᠃ ᠶᠠᠫᠣᠨ ᠢ᠋ ᠡᠰᠡᠷᠭᠦᠴᠡᠬᠦ᠌ ᠲᠠᠢ᠌ᠨ ᠢᠯᠠᠯᠲᠠ ᠣᠯᠤᠭ᠍ᠰᠠᠨ ᠤ᠋ ᠲᠠᠷᠠᠭ᠎ᠠ ᠱᠢᠨ᠎ᠡ ᠳᠤᠮᠳᠠᠳᠤ ᠤᠯᠤᠰ ᠤ᠋ᠨ ᠮᠡᠨᠳᠦᠯᠡᠬᠦ᠌ ᠵᠢ ᠤᠭ᠍ᠲᠤᠬᠤ ᠵᠢᠨ ᠲᠥᠯᠥᠭᠡ ᠂ ᠮᠠᠶ ᠱᠢᠨ ᠪᠢᠷ ᠶ᠋ᠢᠡᠨ ᠬᠠᠶᠠᠭᠠᠳ ᠴᠡᠷᠢᠭ ᠲᠦ᠍ ᠮᠤᠷᠳᠠᠨ ᠂ ᠡᠷᠡᠰ ᠱᠢᠭᠤᠷᠬᠠᠢ ᠪᠠᠷ ᠡᠮᠦᠨ᠎ᠡ ᠹᠷᠤᠨᠲ ᠲᠦ᠍ ᠡᠷᠡᠯᠬᠡᠭᠯᠡᠨ ᠲᠡᠮᠡᠴᠡᠵᠦ ᠂ ᠨᠢᠭᠡᠨ ᠤᠳᠠᠭ᠎ᠠ ᠭᠠᠳᠠᠭᠰᠢ ᠭᠠᠷᠴᠤ ᠡᠭᠦᠷᠭᠡ ᠭᠦᠢᠴᠡᠳᠭᠡᠬᠦ ᠶᠠᠪᠤᠴᠠ ᠳ᠋ᠠᠭᠠᠨ ᠳᠠᠢᠰᠤᠨ ᠲᠠᠢ ᠠᠰ ᠬᠠᠷᠭᠤᠵᠤ ᠂ ᠡᠷᠡᠯᠬᠡᠭ ᠶ᠋ᠢᠡᠷ ᠲᠡᠮᠡᠴᠡᠭᠰᠡᠨ ᠪᠤᠯᠪᠠᠴᠤ ᠵᠤᠯ ᠪᠤᠰᠤ ᠪᠡᠷ ᠨᠠᠰᠤ ᠨᠦᠭᠴᠢᠭᠰᠡᠨ ᠪᠠᠢᠨ᠎ᠠ᠃ ᠲᠤᠰ ᠵᠦᠴᠦᠭᠡ ᠨᠢ ᠮᠠᠢ ᠰᠢᠨ ᠤ᠋ ᠬᠤᠪᠢᠰᠬᠠᠯᠲᠤ ᠠᠮᠢᠳᠤᠷᠠᠯ ᠢ᠋ ᠵᠢᠷᠤᠭᠯᠠᠬᠤ ᠪᠡᠷ ᠳᠠᠮᠵᠢᠨ ᠲᠡᠭᠦᠨ ᠤ᠋ ᠶᠠᠫᠤᠨ ᠲᠡᠭᠡᠷᠡᠮᠴᠦᠳ ᠢ᠋ ᠲᠦᠢᠯ ᠶ᠋ᠢᠡᠷ ᠵᠠᠨᠤᠨ ᠬᠣᠷᠣᠰᠴᠤ᠌ ᠂ ᠨᠠᠮ ᠳ᠋ᠠᠭᠠᠨ ᠬᠢᠵᠠᠭᠠᠯᠠᠰᠢ ᠦᠭᠡᠢ ᠦᠨᠡᠨᠴᠢ ᠱᠢᠳᠤᠷᠭᠤ ᠂ ᠠᠷᠠᠳ ᠲᠦᠮᠡᠨ ᠳ᠋ᠡᠭᠡᠨ ᠬᠢᠵᠠᠭᠠᠯᠠᠰᠢ ᠦᠭᠡᠢ ᠬᠠᠢᠷᠠᠲᠠᠢ ᠪᠠᠢᠳᠠᠭ ᠤᠶᠠᠷᠠᠭᠤᠨ ᠵᠢᠪᠬᠤᠯᠠᠡᠭᠲᠤ ᠪᠠᠯᠠᠷᠠᠰᠢ ᠦᠭᠡᠢ ᠨᠢᠭᠡ ᠨᠠᠰᠤ ᠵᠢ ᠮᠠᠭᠲᠠᠨ ᠳᠠᠭᠤᠯᠠᠵᠠᠢ ᠃


QQ截图20230726094559.png


《 ᠮᠠᠶ ᠱᠢᠨ ᠪᠣᠯ ᠠᠯᠳᠠᠷᠲᠤ ᠬᠤᠪᠢᠰᠭᠠᠯᠲᠤ ᠬᠥᠭ᠌ᠵᠢᠮᠴᠢᠨ ᠂ ᠪᠥᠬᠥ᠌ ᠤᠯᠤᠰ ᠤ᠋ᠨ ᠴᠢᠯᠥᠭᠡᠯᠡᠬᠦ᠌ ᠲᠡᠢᠨ ᠤ᠋ ᠲᠥᠯᠥᠭᠡ ᠺᠠᠢᠯᠦ᠍ ᠳ᠋ᠤ ᠪᠡᠶ᠎ᠡ ᠦᠷᠡᠭ᠌ᠳᠡᠪᠡ ᠃ ᠮᠠᠶ ᠱᠢᠨ ᠪᠣᠯ ᠠᠷᠠᠳ ᠲᠦᠮᠡᠨ ᠤ᠋ ᠪᠠᠭᠠᠲᠤᠷ ᠂ ᠴᠠᠭ ᠦᠶ᠎ᠡ ᠵᠢᠨ ᠪᠠᠭᠠᠲᠤᠷ ᠮᠦᠨ᠂ ᠤᠯᠤᠰ ᠤᠷᠤᠨ ᠤ᠋ ᠥᠩᠭᠡᠷᠡᠭ᠌ᠰᠡᠨ ᠂ ᠣᠲᠣ ᠂ ᠢᠷᠡᠭᠡᠳᠦᠶ ᠳ᠋ᠤ ᠪᠦᠷ ᠡᠢᠮᠦ᠍ ᠪᠠᠭᠠᠲᠤᠷ ᠢ᠋ ᠬᠡᠷᠡᠭᠰᠡᠳᠡᠭ ᠶᠤᠮ ᠃ ᠺᠠᠢᠯᠦ᠍ ᠨᠤᠲᠤᠭ ᠲᠠᠢ ᠤᠳᠭ᠎ᠠ ᠤᠷᠠᠯᠢᠭ ᠤ᠋ᠨ ᠠᠵᠢᠯᠲᠠᠨ ᠪᠣᠯᠤᠭ᠍ᠰᠠᠨ ᠤ᠋ ᠬᠤᠪᠢ ᠳ᠋ᠤ ᠂ ᠪᠢᠳᠡ ᠡᠨᠡ ᠬᠦ᠌ ᠵᠦᠴᠦᠭᠡ ᠵᠢ ᠲᠠᠢᠰᠠᠨ᠎ᠠ ᠠᠮᠢᠯᠠᠭᠤᠯᠤᠨ ᠨᠡᠩ ᠣᠯᠠᠨ ᠬᠦᠮᠦᠨ ᠳ᠋ᠦ ᠮᠠᠶ ᠱᠢᠨ ᠢ᠋ ᠲᠠᠨᠢᠭᠤᠯᠵᠤ ᠂ ᠮᠠᠶ ᠱᠢᠨ ᠢ᠋ ᠣᠢᠯᠠᠭᠠᠭᠤᠯᠬᠤ ᠬᠠᠷᠢᠭᠤᠴᠠᠯᠭ᠎ᠠ ᠲᠠᠶ ᠶᠤᠮ 》 ᠭᠡᠵᠦ᠍ ᠮᠠᠢ ᠰᠢᠨ ᠎ᠤ ᠲᠥᠷᠢ ᠎ᠶᠢ ᠲᠤᠭᠯᠠᠭᠰᠠᠨ ᠺᠠᠢᠯᠦ᠍ ᠱᠢᠶᠠᠨ ᠤ᠋ ᠤᠯᠠᠭᠠᠨᠮᠥ᠋ᠴᠢᠷ ᠤ᠋ᠨ ᠲᠣᠭ᠍ᠯᠠᠭ᠍ᠴᠢ ᠴᠧᠨ ᠵᠧ ᠯᠸᠢ ᠶᠠᠷᠢᠵᠤ ᠪᠠᠢᠯ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面