ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-08-06 11:30:12

ᠵᠣᠬᠢᠶᠠᠭ᠍ᠴᠢ᠄ ᠸᠠᠩ ᠰᠢᠶᠣᠣ ᠮᠢᠩ ᠣᠩᠱᠢᠭ᠍ᠰᠠᠨ ᠣᠳᠠᠭ᠎ᠠ᠄ 3

ᠬᠠᠷᠢ ᠨᠣᠲᠣᠬ ᠲᠦ᠍ ᠠᠷᠪᠠᠨ ᠲᠠᠪᠣᠨ ᠵᠢᠯ ᠰᠠᠭᠣᠬᠰᠠᠨ ᠴᠦ᠍ ᠬᠠᠢᠷᠠᠲᠣ ᠡᠵᠢ ᠪᠠᠨ ᠡᠷᠬᠢᠨ ᠦᠵᠡᠬᠦ ᠰᠡᠳᠬᠢᠯ ᠬᠡᠪ ᠶ᠋ᠢᠡᠷ᠂ ᠣᠪᠣᠭ ᠨᠡᠷ᠎ᠡ ᠪᠠᠨ ᠨᠢᠭᠣᠨ ᠪᠣᠷᠣᠭᠣᠯᠠᠬᠰᠠᠨ ᠴᠦ᠍ ᠦᠰᠭᠡᠵᠦ ᠬᠦᠮᠦᠵᠢᠬᠦᠯᠦᠭᠰᠡᠨ ᠠᠴᠢ ᠵᠢ ᠦᠯᠦ ᠮᠠᠷᠲᠠᠨ᠎ᠠ᠃ 8 ᠰᠠᠷ᠎ᠠ ᠵᠢᠨ 5 ᠤ᠋ ᠣᠷᠣᠢ᠂ ᠪᠡᠭᠡᠵᠢᠩ ᠤ᠋ᠨ ᠪᠡᠬᠡᠵᠢᠩ ᠰᠢ ᠵᠢᠨ ᠵᠦᠴᠦᠭᠡ ᠵᠢᠨ ᠬᠦᠷᠢᠶᠡᠯᠡᠩ ᠡᠴᠡ ᠣᠯᠠᠭᠠᠨ ᠲᠢᠶᠠᠲ᠋ᠷ ᠲᠦ᠍《ᠰᠸ ᠯᠠᠩ ᠡᠵᠢ ᠪᠠᠨ ᠡᠷᠬᠢᠭᠰᠡᠨ ᠨᠢ》 ᠭᠡᠬᠦ ᠵᠦᠴᠦᠭᠡ ᠵᠢ ᠲᠣᠬᠯᠠᠪᠠ᠃

ᠬᠤᠷᠢᠳᠤᠭᠠᠷ ᠬᠤᠭᠤᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠤᠨᠴᠠ ᠤᠷᠢᠭᠰᠠᠨ ᠲᠤᠭᠯᠠᠯᠳᠠ ᠵᠢᠨ ᠨᠢᠭᠡ ᠪᠣᠯᠬᠣ《ᠰᠸ ᠯᠠᠩ ᠡᠵᠢ ᠪᠠᠨ ᠡᠷᠬᠢᠭᠰᠡᠨ ᠨᠢ》 ᠭᠡᠬᠦ ᠵᠦᠴᠦᠭᠡ ᠪᠣᠯ ᠪᠡᠭᠡᠵᠢᠩ ᠰᠢ ᠵᠢᠨ ᠣᠯᠠᠨ ᠣᠷᠣᠰᠬᠠᠯ ᠪᠦᠯᠦᠭ ᠤ᠋ᠨ ᠰᠣᠩᠭᠣᠲᠠᠬ ᠵᠦᠴᠦᠭᠡ ᠪᠣᠯᠬᠣ ᠶᠣᠮ ᠃ ᠵᠦᠴᠦᠭᠡ ᠨᠢ ᠣᠮᠠᠷᠠᠲᠣ ᠰᠦᠩ ᠣᠯᠣᠰ ᠤ᠋ᠨ ᠦᠶ᠎ᠡ ᠵᠢᠨ ᠰᠦᠩ ᠣᠯᠣᠰ ᠬᠢᠭᠡᠳ ᠯᠢᠶᠣᠣ ᠣᠯᠣᠰ ᠤ᠋ᠨ ᠲᠠᠢᠨ ᠵᠢᠡᠷ ᠲᠡᠦᠬᠡᠨ ᠠᠬᠣᠢ ᠪᠣᠯᠭᠠᠵᠦ᠂ ᠰᠦᠩ ᠣᠯᠣᠰ ᠤ᠋ᠨ ᠵᠠᠩᠵᠣᠨ ᠶᠠᠩ ᠰᠸ ᠯᠠᠩ ᠪᠠᠢᠯᠲᠣᠭᠠᠨ ᠳ᠋ᠦ ᠢᠯᠠᠬᠲᠠᠨ ᠣᠯᠵᠠᠯᠠᠬᠲᠠᠵᠦ᠂ ᠠᠷᠭ᠎ᠠ ᠪᠣᠰᠣ ᠨᠡᠷ᠎ᠡ ᠪᠠᠨ ᠬᠠᠯᠠᠵᠦ ᠯᠢᠶᠣᠣ ᠣᠯᠣᠰ ᠤ᠋ᠨ ᠲᠢᠶᠸ ᠵᠢᠩ ᠬᠦᠩᠵᠦ ᠲᠠᠢ ᠬᠣᠷᠢᠮᠯᠠᠬᠰᠠᠨ ᠪᠠᠢᠨ᠎ᠠ᠃ ᠲᠡᠬᠦᠨ ᠡᠴᠡ ᠬᠣᠢᠰᠢ ᠠᠷᠪᠠᠨ ᠲᠠᠪᠣᠨ ᠵᠢᠯ ᠤ᠋ᠨ ᠲᠠᠷᠠᠭ᠎ᠠ ᠰᠦᠩ ᠣᠯᠣᠰ ᠤ᠋ᠨ ᠱᠸ ᠲᠠᠢᠵᠢᠶᠦᠢ᠍ᠨ ᠲᠠᠬᠢᠨ ᠶᠡᠬᠡ ᠴᠡᠷᠢᠭ ᠲᠠᠢᠴᠢᠯᠠᠵᠦ᠂ ᠶᠠᠨ ᠮᠸᠨ ᠭᠣᠸᠠᠨ ᠳ᠋ᠦ ᠯᠢᠶᠣᠣ ᠣᠯᠣᠰ ᠲᠠᠢ ᠲᠠᠢᠲᠣᠬᠣ ᠪᠡᠷ ᠢᠷᠡᠪᠡ᠃ ᠡᠨᠡ ᠬᠦ᠌ ᠰᠣᠷᠠᠬ ᠢ᠋ ᠰᠣᠨᠣᠰᠣᠬᠰᠠᠨ ᠶᠠᠩ ᠰᠸ ᠯᠠᠩ ᠰᠦᠩ ᠣᠯᠣᠰ ᠤ᠋ᠨ ᠴᠡᠷᠢᠭ ᠤ᠋ᠨ ᠬᠦᠷᠢᠶᠡᠨ ᠳ᠋ᠦ ᠢᠷᠡᠵᠦ ᠡᠵᠢ ᠲᠠᠢ ᠪᠠᠨ ᠣᠴᠠᠷᠠᠨ ᠵᠣᠯᠭᠠᠬᠰᠠᠨ ᠪᠦᠭᠡᠳ ᠰᠦᠨᠢ ᠲᠦᠯᠢ ᠪᠡᠷ ᠲᠠᠬᠢᠨ ᠯᠢᠶᠣᠣ ᠣᠯᠣᠰ ᠲᠦ᠍ ᠪᠣᠴᠠᠵᠦ ᠪᠦᠬᠦ ᠦᠢᠯᠡ ᠰᠡᠷᠡᠭᠲᠡᠭᠰᠡᠨ ᠭᠡᠲᠡᠭ ᠪᠣᠯᠪᠠᠴᠣ ᠲᠢᠶᠸ ᠵᠢᠩ ᠬᠦᠩᠵᠦ ᠵᠢᠨ ᠭᠣᠶᠣᠴᠢᠯᠠᠯ ᠵᠢᠡᠷ ᠠᠮᠢ ᠠᠪᠣᠷᠠᠬᠲᠠᠬᠰᠠᠨ ᠦᠯᠢᠭᠡᠷ ᠢ᠋ ᠣᠷᠠᠯᠢᠬ ᠵᠢᠡᠷ ᠢᠯᠡᠷᠡᠬᠦᠯᠦᠭᠰᠡᠨ ᠪᠠᠢᠨ᠎ᠠ᠃

ᠮᠢᠩᠭᠠᠨ ᠵᠢᠯ ᠤ᠋ᠨ ᠲᠡᠷᠲᠡᠭᠡ ᠡᠬᠦᠰᠦᠭᠰᠡᠨ ᠦᠯᠢᠭᠡᠷ ᠢ᠋ ᠦᠨᠦᠲᠦᠷ ᠲᠠᠬᠢᠨ ᠠᠮᠢᠯᠠᠭᠣᠯᠣᠨ ᠲᠣᠬᠯᠠᠬᠣ ᠳ᠋ᠦ ᠴᠠᠬ ᠤ᠋ᠨ ᠬᠦᠷᠲᠦ ᠪᠣᠴᠠᠵᠦ ᠡᠷᠬᠢᠭᠰᠡᠨ ᠮᠡᠲᠦ᠃ ᠵᠦᠴᠦᠭᠡ ᠳ᠋ᠦ ᠯᠢᠶᠣᠣ ᠣᠯᠣᠰ ᠤ᠋ᠨ ᠲᠢᠶᠸ ᠵᠢᠩ ᠬᠦᠩᠵᠦ ᠵᠢᠨ ᠲᠦᠷᠢ ᠵᠢ ᠲᠣᠬᠯᠠᠬᠰᠠᠨ ᠦᠪᠦᠷ ᠮᠣᠩᠭᠣᠯ ᠤ᠋ᠨ ᠣᠷᠠᠯᠢᠬ ᠵᠦᠴᠦᠭᠡ ᠵᠢᠨ ᠬᠦᠷᠢᠶᠡᠯᠡᠩ ᠤ᠋ᠨ ᠵᠠᠯᠠᠭᠣ ᠲᠣᠬᠯᠠᠬᠴᠢ ᠯᠢ ᠽᠢ ᠸᠸᠢ᠄ 《ᠡᠨᠡ ᠣᠲᠠᠭ᠎ᠠ ᠪᠡᠭᠡᠵᠢᠩ ᠰᠢ ᠵᠢᠨ ᠪᠠᠬᠰᠢ ᠨᠠᠷ ᠲᠠᠢ ᠬᠠᠮᠳᠤ ᠨᠢᠭᠡ ᠲᠠᠢᠰᠠᠨ ᠳ᠋ᠦ ᠲᠣᠬᠯᠠᠬᠣ ᠵᠠᠪᠰᠢᠶᠠᠨ ᠣᠯᠳᠠᠬᠰᠠᠨ ᠨᠢ ᠨᠠᠲᠠ ᠳ᠋ᠤ ᠠᠪᠴᠦ ᠬᠡᠯᠡᠪᠡᠯ ᠲᠠᠭᠠᠨ ᠰᠤᠷᠤᠯᠴᠠᠵᠤ ᠤᠷ᠎ᠠ ᠮᠡᠷᠬᠡᠵᠢᠯ ᠵᠢᠡᠨ ᠲᠡᠭᠡᠭᠰᠢᠯᠡᠬᠦᠯᠬᠦ ᠨᠠᠨᠳᠢᠨ ᠲᠣᠬᠢᠶᠠᠯ ᠪᠣᠯᠬᠣ ᠶᠣᠮ᠃ ᠵᠦᠴᠦᠭᠡ ᠳ᠋ᠡᠬᠢ ᠲᠢᠶᠸ ᠵᠢᠩ ᠬᠦᠩᠵᠦ ᠵᠢᠨ ᠴᠣᠪᠣᠭᠣ ᠲᠡᠭᠵᠢᠨ ᠮᠦᠷᠲᠡᠭᠡᠨ ᠠᠯᠢᠶ᠎ᠠ ᠬᠦᠭᠡᠷᠦᠬᠦᠨ ᠵᠠᠩ ᠴᠢᠨᠠᠷ ᠢ᠋ ᠬᠡᠷᠬᠢᠨ ᠬᠠᠷᠠᠴᠠ ᠪᠣᠯᠣᠨ ᠨᠢᠲᠦᠨ ᠤ᠋ ᠬᠦᠲᠡᠯᠦᠯ ᠵᠢᠡᠷ ᠢᠯᠡᠷᠡᠬᠦᠯᠬᠦ ᠲᠣᠬᠠᠢ ᠪᠡᠭᠡᠵᠢᠩ ᠰᠢ ᠵᠢᠨ ᠪᠠᠬᠰᠢ ᠨᠠᠷ ᠨᠠᠳᠠ᠎ᠳᠤ ᠣᠯᠠᠨ ᠣᠲᠠᠭ᠎ᠠ ᠵᠢᠭᠠᠵᠦ ᠦᠭᠬᠦᠭᠰᠡᠨ᠃ ᠦᠨᠡᠨ ᠢ᠋ ᠬᠡᠯᠡᠪᠡᠯ ᠪᠢ 10 ᠨᠠᠰᠣᠨ ᠡᠴᠡ ᠪᠠᠨ ᠡᠬᠢᠯᠡᠵᠦ ᠰᠢ ᠵᠦᠴᠦᠭᠡ ᠰᠣᠷᠣᠬᠰᠠᠨ ᠪᠦᠭᠡᠳ ᠡᠨᠡ ᠵᠢᠯ ᠤ᠋ᠨ ᠡᠬᠢ ᠪᠡᠷ ᠪᠠᠰᠠ ᠵᠦᠴᠦᠭᠡ ᠵᠢᠨ ᠬᠦᠷᠢᠶᠡᠯᠡᠩ ᠤ᠋ᠨ ᠶ᠋ᠢᠡᠨ ᠲᠣᠮᠢᠯᠠᠯᠲᠠ ᠪᠡᠷ ᠲᠣᠰᠬᠠᠢᠯᠠᠨ ᠪᠡᠭᠡᠵᠢᠩ ᠳ᠋ᠦ ᠬᠦᠷᠴᠦ ᠵᠦᠴᠦᠭᠡ ᠲᠣᠬᠯᠠᠬᠣ ᠠᠷᠭ᠎ᠠ ᠵᠡᠷᠭᠡ ᠲᠠᠯ᠎ᠠ ᠪᠡᠷ ᠰᠣᠷᠣᠯᠴᠠᠬᠰᠠᠨ ᠶᠤᠮ》 ᠭᠡᠵᠦ ᠶᠠᠷᠢᠵᠦ ᠪᠠᠢᠯ᠎ᠠ᠃

ᠲᠣᠰ ᠵᠦᠴᠦᠭᠡ ᠳ᠋ᠦ ᠶᠠᠩ ᠰᠸ ᠯᠠᠩ ᠤ᠋ᠨ ᠲᠦᠷᠢ ᠵᠢ ᠲᠣᠬᠯᠠᠬᠰᠠᠨ ᠣᠯᠣᠰ ᠤ᠋ᠨ ᠨᠢᠭᠡᠲᠦᠭᠡᠷ ᠲᠡᠰ ᠤ᠋ᠨ ᠲᠣᠬᠯᠠᠬᠴᠢ ᠶᠠᠩ ᠱᠣᠣ ᠫᠸᠩ᠄ 《ᠪᠢ ᠰᠣᠶᠣᠯ ᠤ᠋ᠨ ᠨᠠᠢᠷ ᠲᠦ᠍ ᠠᠩᠬ᠎ᠠ ᠣᠲᠠᠭ᠎ᠠ ᠣᠷᠣᠯᠴᠠᠵᠦ ᠪᠠᠢᠭ᠎ᠠ ᠪᠣᠯᠪᠠᠴᠦ ᠬᠦᠬᠡᠬᠣᠲᠠ ᠵᠢᠨ ᠦᠵᠡᠭᠴᠢᠳ ᠤ᠋ᠨ ᠬᠠᠯᠠᠭᠣᠨ ᠣᠷᠮᠠᠰ ᠢ᠋ ᠠᠯᠠᠭ᠎ᠠ ᠲᠠᠰᠢᠯᠲᠠ ᠡᠴᠡ ᠨᠢ ᠣᠯᠵᠦ ᠮᠡᠲᠡᠭᠰᠡᠨ ᠪᠠᠢᠨ᠎ᠠ᠃ ᠣᠯᠠᠨ ᠵᠠᠭᠣᠨ ᠲᠠᠮᠵᠢᠨ ᠣᠯᠠᠮᠵᠢᠯᠠᠬᠲᠠᠬᠰᠠᠨ ᠰᠣᠩᠭᠣᠲᠠᠬ ᠦᠯᠢᠭᠡᠷ ᠢ᠋ ᠲᠣᠬᠯᠠᠬᠣ ᠪᠡᠷ ᠲᠠᠮᠵᠢᠨ ᠲᠣᠮᠲᠠᠲᠣ ᠵᠢᠨ ᠰᠢᠯᠢᠲᠡᠭ ᠣᠯᠠᠮᠵᠢᠯᠠᠯᠲᠣ ᠰᠣᠶᠣᠯ ᠢ᠋ ᠨᠡᠩ ᠣᠯᠠᠨ ᠬᠦᠮᠦᠨ ᠳ᠋ᠤ ᠣᠢᠯᠠᠭᠠᠭᠣᠯᠵᠦ ᠮᠡᠲᠡᠷᠡᠬᠦᠯᠬᠦ ᠵᠢ ᠬᠦᠰᠡᠵᠤ ᠪᠠᠢᠨ᠎ᠠ》 ᠭᠡᠵᠦ ᠶᠠᠷᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面