2023-07-26 15:16:02
ᠨᠠᠢᠷᠠᠭᠤᠯᠤᠬᠴᠢ ᠵᠢᠨ ᠦᠭᠡ ᠄
ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷᠤᠨ ᠨᠢᠭᠡᠨ ᠬᠢᠯᠠᠰ ᠴᠡᠭ ᠪᠤᠯ ᠮᠠᠨᠤ ᠤᠯᠤᠰᠤᠨ ᠰᠢ ᠵᠦᠴᠦᠭᠡ ᠲᠠᠭᠤᠤᠷᠢᠯᠢᠭᠤᠨ ᠨᠠᠷᠠᠲᠤ ᠬᠥᠮᠦᠰᠢ ᠤᠷᠢᠨ᠂ ᠳᠤᠮᠳᠠᠳᠤ ᠤᠯᠤᠰᠤᠨ ᠬᠠᠲᠤᠨ ᠭᠤᠤᠯᠤᠨ ᠰᠠᠪᠠ ᠭᠠᠵᠠᠷᠤᠨ ᠰᠢ ᠵᠦᠴᠦᠭᠡᠶ᠋ᠢᠨ ᠤᠯᠠᠭᠠᠨ ᠲᠡᠷᠢᠬᠦᠯᠡᠭᠴᠢ ᠴᠡᠴᠡᠭᠳᠤ ᠤᠷᠤᠯᠳᠤᠭᠠᠨ ᠪᠠ ᠤᠮᠠᠷᠠᠲᠤᠶ᠋ᠢᠨ ᠲᠠᠪᠤᠨ ᠮᠤᠵᠢ ᠣᠷᠣᠨ ᠬᠣᠲᠠ᠎ᠶ᠋ᠢᠨ ᠱᠢᠯᠢᠳᠡᠭ ᠼᠢᠷᠺ (ᠶᠧᠯᠸᠢ ) ᠤ᠋ᠨ ᠦᠵᠡᠭᠦᠯᠭᠡ ᠵᠢᠴᠢ ᠰᠢ ᠵᠦᠴᠤᠭᠡ ᠵᠢᠨ ᠨᠡᠷᠡᠲᠦ ᠬᠦᠮᠦᠰᠤᠨ ᠰᠤᠩᠭᠤᠳᠠᠭ ᠪᠠᠳᠠᠭᠤᠨ ᠲᠤᠬᠯᠠᠯᠳᠠᠶ᠋ᠢ ᠡᠷᠭᠢᠯᠡᠵᠦ᠍᠂ ᠣᠷᠣᠨ ᠪᠦᠰᠡᠶ᠋ᠢᠨ ᠬᠣᠭᠣᠷᠣᠨᠳᠣᠬᠢ ᠰᠣᠶᠣᠯᠤᠨ ᠰᠣᠯᠢᠯᠴᠠᠭ᠎ᠠ ᠠᠭᠤᠰᠤᠯᠴᠠᠯᠢ ᠠᠬᠢᠭᠤᠯᠤᠨ᠂ ᠬᠠᠷᠢᠯᠴᠠᠨ ᠰᠤᠷᠤᠯᠴᠠᠵᠤ ᠬᠠᠷᠢᠯᠴᠠᠨ ᠲᠣᠯᠢᠯᠠᠵᠤ᠂ ᠳᠤᠮᠳᠠᠳᠤᠶ᠋ᠢᠨ ᠰᠣᠶᠣᠯᠤᠨ ᠲᠡᠮᠳᠡᠭ ᠪᠠ ᠳᠤᠮᠳᠠᠳᠤᠶ᠋ᠢᠨ ᠦᠨᠳᠦᠰᠦᠲᠡᠨᠦ ᠳᠦᠷᠢ ᠲᠥᠷᠬᠦ᠌ᠶ᠋ᠢ ᠪᠣᠶ ᠪᠣᠯᠭᠠᠨ ᠳᠣᠪᠣᠢᠯᠭᠠᠵᠤ᠂ ᠰᠤᠶᠤᠯᠤᠨ ᠢᠳᠡᠭᠡᠯᠢ ᠨᠡᠮᠡᠭ᠌ᠳᠡᠭᠦᠯᠦᠨ᠂ ᠰᠣᠶᠣᠯᠦᠨ ᠵᠣᠷᠢᠭ ᠰᠠᠨᠠᠭᠠᠶ᠋ᠢ ᠢᠯᠡᠷᠡᠭᠦᠯᠵᠦ᠍᠂ ᠬᠠᠮᠳᠤ ᠵᠢᠨ ᠣᠶᠤᠨ ᠰᠠᠨᠠᠭᠠᠨᠤ ᠬᠡᠷ ᠣᠷᠣᠨᠢ ᠪᠦᠲᠦᠭᠡᠨ ᠪᠠᠢᠭᠤᠯᠬᠤ ᠵᠢ ᠵᠤᠷᠢᠭᠰᠠᠨ ᠪᠠᠢᠨ᠎ᠠ᠃
ᠤᠮᠠᠷᠠᠲᠤᠶ᠋ᠢᠨ ᠲᠠᠪᠤᠨ ᠮᠤᠵᠢ ᠣᠷᠣᠨ ᠬᠣᠲᠠ᠎ᠶ᠋ᠢᠨ ᠱᠢᠯᠢᠳᠡᠭ ᠼᠢᠷᠺ (ᠶᠧᠯᠸᠢ) ᠤ᠋ᠨ ᠦᠵᠡᠭᠦᠯᠭᠡ
ᠳᠥᠷᠪᠡᠳᠦᠭᠡᠷ ᠬᠤᠭᠤᠴᠠᠭᠠᠨ ᠤ᠋ ᠤᠮᠠᠷᠠᠲᠤᠶ᠋ᠢᠨ ᠲᠠᠪᠤᠨ ᠮᠤᠵᠢ ᠣᠷᠣᠨ ᠬᠣᠲᠠ᠎ᠶ᠋ᠢᠨ ᠱᠢᠯᠢᠳᠡᠭ ᠼᠢᠷᠺ (ᠶᠧᠯᠸᠢ)ᠤ᠋ᠨ ᠦᠵᠡᠭᠦᠯᠭᠡ ᠵᠢᠨ ᠲᠣᠭᠯᠠᠯᠲᠠ ᠪᠤᠯ ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ 《ᠤᠷᠤᠨ ᠪᠦᠰᠡ ᠵᠢᠨ ᠰᠤᠶᠤᠯᠤᠨ ᠰᠤᠯᠢᠯᠴᠠᠭ᠎ᠠ》 ᠵᠢᠨ ᠴᠢᠬᠤᠯᠠ ᠨᠢᠬᠡᠨ ᠠᠭᠤᠯᠭ᠎ᠠ ᠪᠠᠢᠵᠤ᠂ ᠲᠡᠷᠡ ᠨᠢ 《ᠲᠠᠪᠴᠠᠩ ᠪᠠᠢᠭᠤᠯᠵᠤ᠂ ᠰᠣᠳᠣᠨ ᠪᠦᠲᠦᠭᠡᠯ ᠭᠠᠷᠭᠠᠨ᠂ ᠰᠢᠨ᠎ᠡ ᠬᠥᠮᠦᠨ ᠢ᠋ ᠢᠯᠡᠷᠡᠭᠦᠯᠵᠤ᠂ ᠬᠥᠭᠵᠢᠯᠲᠡ ᠵᠢ ᠠᠬᠢᠭᠤᠯᠤᠶ᠎ᠠ》 ᠭᠡᠳᠡᠭ ᠵᠢᠡᠷ ᠭᠣᠣᠯ ᠰᠡᠳᠦᠪ ᠪᠣᠯᠭᠠᠨ᠂ ᠤᠮᠠᠷᠠᠲᠤᠶ᠋ᠢᠨ ᠲᠠᠪᠤᠨ ᠮᠤᠵᠢ ᠣᠷᠣᠨ ᠬᠣᠲᠠ᠎ᠶ᠋ᠢᠨ ᠼᠢᠷᠺ (ᠶᠧᠯᠸᠢ) ᠤ᠋ᠨ ᠰᠢᠨ᠎ᠡ ᠵᠢ ᠡᠭᠦᠳᠬᠦ ᠂ ᠴᠢᠳᠠᠪᠤᠷᠢᠲᠠᠨ ᠢ᠋ ᠬᠥᠮᠦᠵᠢᠭᠦᠯᠬᠦ ᠵᠢᠴᠢ ᠠᠵᠢᠯ ᠲᠥᠷᠥᠯ ᠤ᠋ᠨ ᠬᠥᠭᠵᠢᠯᠲᠡ ᠳ᠋ᠦ᠍ ᠲᠤᠰᠭᠠᠢ ᠮᠡᠷᠭᠡᠵᠢᠯ ᠤ᠋ᠨ ᠴᠢᠨᠠᠷᠲᠠᠢ ᠳᠡᠭᠡᠳᠦ ᠳᠡᠰ ᠳᠠᠪᠬᠤᠷᠭ᠎ᠠ ᠵᠢᠨ ᠠᠵᠢᠯ ᠲᠥᠷᠥᠯ ᠤ᠋ᠨ ᠰᠣᠯᠢᠯᠴᠠᠭᠠᠨ ᠤ᠋ ᠲᠠᠪᠴᠠᠩ ᠪᠠ ᠰᠣᠳᠣᠨ ᠪᠦᠲᠦᠭᠡᠯ ᠤ᠋ᠨ ᠦᠵᠡᠭᠦᠯᠭᠡ ᠵᠢᠨ ᠲᠠᠪᠴᠠᠩ ᠢ᠋ ᠬᠠᠩᠭᠠᠪᠠ ᠃ ᠲᠤᠰ ᠬᠤᠭᠤᠴᠠᠭᠠᠨ ᠤ᠋ ᠦᠵᠡᠭᠦᠯᠭᠡ ᠵᠢᠨ ᠪᠦᠲᠦᠭᠡᠯ ᠳ᠋ᠤ ᠣᠢᠷ᠎ᠠ ᠵᠢᠨ ᠵᠢᠯ ᠤ᠋ᠨ ᠲᠤᠷᠰᠢᠬᠢ ᠤᠮᠠᠷᠠᠲᠤᠶ᠋ᠢᠨ ᠲᠠᠪᠤᠨ ᠮᠤᠵᠢ ᠣᠷᠣᠨ ᠬᠣᠲᠠ᠎ᠶ᠋ᠢᠨ ᠬᠠᠮᠢᠶ᠎ᠠ ᠪᠦᠬᠦᠢ ᠬᠦᠷᠢᠶᠡᠯᠡᠩ ᠪᠦᠯᠬᠦᠮ᠂ ᠰᠢᠨ᠎ᠡ ᠪᠡᠷ ᠪᠠᠢᠭᠤᠯᠤᠬᠰᠠᠨ ᠤᠳᠭ᠎ᠠ ᠤᠷᠠᠯᠢᠭ ᠤ᠋ᠨ ᠬᠠᠮᠲᠤᠯᠢᠭ ᠤ᠋ᠨ ᠰᠢᠨ᠎ᠡ ᠵᠢ ᠡᠭᠦᠳᠦᠭᠰᠡᠨ 《ᠡᠷᠡᠯᠭᠡᠭ ᠠᠷᠰᠯᠠᠨ ᠢᠷᠦᠭᠡᠯ ᠳᠡᠪᠰᠢᠭᠦᠯᠦᠨ᠎ᠠ》᠂ 《ᠵᠢᠷᠭᠤᠭᠠᠨ ᠬᠦᠮᠤᠨᠤ ᠠᠶᠠᠭ᠎ᠠ ᠨᠢᠰᠭᠡᠬᠦ》᠂ 《ᠤᠶᠤᠨ ᠰᠠᠨᠠᠭᠠᠨᠤ ᠪᠠᠷᠢᠬᠴᠢ》 ᠬᠡᠬᠦ ᠵᠡᠷᠭᠡ 10 ᠪᠦᠲᠦᠭᠡᠯ ᠢ᠋ ᠰᠣᠩᠭᠣᠨ ᠤᠷᠤᠯᠴᠠᠭᠤᠯᠬᠤ ᠵᠢᠨ ᠬᠠᠮᠳᠤ ᠪᠠᠰᠠ ᠤᠮᠠᠷᠠᠲᠤᠶ᠋ᠢᠨ ᠲᠠᠪᠤᠨ ᠮᠤᠵᠢ ᠣᠷᠣᠨ ᠬᠣᠲᠠ᠎ᠶ᠋ᠢᠨ ᠤᠯᠤᠰ ᠤ᠋ᠨ ᠳᠣᠲᠣᠭᠠᠳᠤ ᠭᠠᠳᠠᠭᠠᠳᠤ ᠵᠢᠨ ᠲᠡᠷᠢᠭᠦᠨ ᠳᠡᠰ ᠤ᠋ᠨ ᠤᠷᠤᠯᠳᠤᠭᠠᠨ ᠳ᠋ᠤ ᠠᠯᠲᠠᠨ ᠮᠧᠳᠠᠯ ᠣᠯᠤᠭᠰᠠᠨ ᠪᠦᠲᠦᠭᠡᠯ ᠢ᠋ ᠤᠷᠢᠨ ᠦᠵᠡᠭᠦᠯᠭᠡ ᠳ᠋ᠦ᠍ ᠣᠷᠣᠯᠴᠠᠭᠤᠯᠵᠤ᠂ ᠠᠵᠢᠯ ᠲᠥᠷᠥᠯ ᠤ᠋ᠨ ᠰᠣᠯᠢᠯᠴᠠᠭ᠎ᠠ ᠰᠤᠷᠤᠯᠴᠠᠯᠭ᠎ᠠ ᠵᠢ ᠠᠬᠢᠭᠤᠯᠤᠨ᠂ ᠰᠢᠨ᠎ᠡ ᠬᠥᠮᠦᠨ ᠦ᠌ ᠰᠢᠨ᠎ᠡ ᠪᠦᠲᠦᠭᠡᠯ ᠳ᠋ᠦ᠍ ᠦᠯᠢᠭᠡᠷ ᠳᠠᠭᠤᠷᠢᠶᠠᠯ ᠦᠵᠡᠭᠦᠯᠵᠤ ᠂ ᠵᠣᠬᠢᠶᠠᠨ ᠪᠦᠲᠦᠭᠡᠬᠦ ᠤᠷᠮ᠎ᠠ ᠵᠢ ᠨᠢ ᠴᠢᠨᠠᠭᠰᠢᠳᠠ ᠬᠥᠭᠵᠢᠭᠡᠭᠰᠡᠨ ᠪᠠᠢᠨ᠎ᠠ᠃







(ᠲᠤᠬᠯᠠᠯᠲᠠ ᠵᠢᠨ ᠬᠡᠰᠡᠭ ᠦᠵᠡᠭᠳᠡᠯ )
ᠳᠤᠮᠳᠠᠳᠤ ᠤᠯᠤᠰᠤᠨᠬᠠᠲᠤᠨ ᠭᠣᠣᠯ ᠤ᠋ᠨ ᠰᠠᠪᠠ ᠭᠠᠵᠠᠷᠤ᠋ᠨ ᠰᠢ ᠵᠦᠴᠦᠬᠡ ᠵᠢᠨ ᠤᠯᠠᠭᠠᠨ ᠲᠡᠷᠢᠬᠦᠯᠡᠭᠴᠢ ᠴᠡᠴᠡᠭᠳᠤ ᠤᠷᠤᠯᠳᠤᠭᠠᠨ
ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠤᠷᠤᠨ ᠪᠦᠰᠡ ᠵᠢᠨ ᠰᠤᠶᠤᠯᠤᠨ ᠰᠤᠯᠢᠯᠴᠠᠭ᠎ᠠ ᠵᠢ ᠠᠬᠢᠭᠤᠯᠬᠤ ᠪᠡᠷ ᠵᠤᠷᠢᠯᠭ᠎ᠠ ᠪᠡᠨ ᠪᠤᠯᠭᠠᠬᠰᠠᠨ ᠲᠣᠬᠯᠠᠯᠲᠠ ᠵᠢᠨ ᠨᠢᠭᠡ ᠪᠣᠯᠬᠣ ᠵᠢᠷᠭᠤᠳᠤᠭᠠᠷ ᠬᠤᠭᠤᠴᠠᠭᠠᠨ ᠤ᠋ ᠳᠤᠮᠳᠠᠳᠤ ᠤᠯᠤᠰᠤᠨᠬᠠᠲᠤᠨ ᠭᠣᠣᠯ ᠤ᠋ᠨ ᠰᠠᠪᠠ ᠭᠠᠵᠠᠷᠤ᠋ᠨ ᠰᠢ ᠵᠦᠴᠦᠬᠡ ᠵᠢᠨ ᠤᠯᠠᠭᠠᠨ ᠲᠡᠷᠢᠬᠦᠯᠡᠭᠴᠢ ᠴᠡᠴᠡᠭᠳᠤ ᠤᠷᠤᠯᠳᠤᠭᠠᠨ ᠢᠳᠡ ᠬᠦᠭ ᠲᠠᠢ ᠶᠠᠪᠤᠬᠳᠠᠵᠤ᠂ ᠰᠤᠶᠤᠯᠤᠨ ᠨᠠᠢᠷ ᠲᠸ᠋ ᠬᠦᠭ ᠨᠡᠮᠡᠵᠠᠢ᠃
ᠤᠮᠠᠷᠠᠲᠤ ᠬᠢᠯᠢ ᠳ᠋ᠦ᠍ ᠪᠣᠯᠵᠣᠵᠤ ᠳᠤᠮᠳᠠᠳᠤ ᠪᠠᠨ ᠮᠠᠭᠲᠠᠨ ᠳᠠᠭᠤᠯᠠᠨ᠎ᠠ᠃ ᠤᠷᠤᠯᠳᠤᠭᠠᠨ ᠳ᠋ᠤ ᠤᠷᠤᠯᠴᠠᠭᠰᠠᠳ ᠤᠷᠭᠢᠯᠤᠮ᠎ᠠ ᠬᠠᠯᠠᠭᠤᠨ ᠰᠡᠳᠬᠢᠯᠭᠡ ᠪᠡᠷ ᠦᠪᠡᠷ ᠦᠪᠡᠷ ᠤ᠋ᠨ ᠠᠪᠢᠶᠠᠰ ᠴᠢᠳᠠᠪᠤᠷᠢ ᠪᠠᠨ ᠪᠠᠳᠠᠷᠠᠭᠤᠯᠵᠤ᠂ ᠳᠤᠮᠳᠠᠳᠤ ᠵᠢᠨ ᠤᠯᠠᠮᠵᠢᠯᠠᠯᠲᠤ ᠰᠣᠶᠣᠯ ᠤ᠋ᠨ ᠭᠠᠢᠬᠠᠮᠰᠢᠭ ᠢ᠋ ᠬᠠᠷᠠᠭᠤᠯᠪᠠ᠃ ᠬᠠᠲᠤᠨ ᠭᠣᠣᠯ ᠤ᠋ᠨ ᠰᠠᠪᠠ ᠭᠠᠵᠠᠷ ᠤ᠋ᠨ ᠬᠠᠮᠤᠭ ᠤ᠋ᠨ ᠶᠡᠬᠡ ᠨᠥᠯᠥᠭᠡᠯᠡᠬᠦ ᠬᠦᠴᠦᠨ ᠲᠡᠢ ᠰᠢ ᠵᠦᠴᠦᠭᠡ ᠵᠢᠨ ᠦᠪᠡᠳᠡᠭᠰᠢ ᠠᠵᠢᠯᠯᠠᠭ᠎ᠠ ᠵᠢᠨ ᠨᠢᠭᠡ ᠪᠣᠯᠤᠭᠰᠠᠨ ᠤ᠋ ᠬᠤᠪᠢ ᠳ᠋ᠤ᠌᠂ ᠳᠤᠰ ᠤᠳᠠᠭ᠎ᠠ ᠵᠢᠨ ᠤᠷᠤᠯᠳᠤᠭᠠᠨ ᠳ᠋ᠦ ᠬᠠᠲᠤᠨ ᠭᠣᠣᠯ ᠤ᠋ᠨ ᠰᠠᠪᠠ ᠭᠠᠵᠠᠷ ᠡᠴᠡ ᠢᠷᠡᠭᠰᠡᠨ 15 ᠮᠣᠵᠢ ᠬᠣᠲᠠ ᠣᠷᠣᠨ ᠵᠢᠴᠢ ᠰᠢᠨᠵᠢᠶᠠᠩ ᠤ᠋ᠨ ᠦᠢᠯᠡᠳᠪᠦᠷᠢᠯᠡᠯ ᠪᠦᠲᠦᠭᠡᠨ ᠪᠠᠢᠭᠤᠯᠤᠯᠲᠠ ᠵᠢᠨ ᠪᠢᠩᠲ᠋ᠤᠸᠠᠨ ᠤ᠋ 140 ᠰᠢᠬᠠᠮ ᠲᠤᠭᠯᠠᠭᠴᠢᠳ ᠪᠡᠭᠡᠵᠢᠩ ᠵᠦᠴᠦᠭᠡ᠂ ᠺᠦᠨᠱᠠᠨ ᠵᠦᠴᠦᠭᠡ᠂ ᠾᠧᠨᠠᠨ ᠵᠦᠴᠦᠭᠡ᠂ ᠰᠧᠴᠤᠸᠠᠨ ᠵᠦᠴᠦᠭᠡ᠂ ᠴᠢᠨ ᠤ᠋ ᠠᠶᠠᠯᠭᠤ᠂ ᠡᠯ ᠷᠧᠨ ᠲᠡᠢ ᠵᠦᠴᠦᠭᠡ᠂ ᠮᠠᠩᠬᠠᠨ ᠠᠶᠠᠯᠭᠤ᠂ ᠮᠣᠩᠭᠣᠯ ᠵᠦᠴᠦᠭᠡ᠂ ᠯᠢᠦᠢ ᠵᠦᠴᠦᠭᠡ᠂ ᠾᠧᠪᠧᠢ ᠵᠢᠨ ᠪᠠᠩᠽᠢ᠂ ᠳᠠᠭᠤᠤᠷᠢᠯᠢᠭ ᠵᠡᠷᠭᠡ 30 ᠰᠢᠬᠠᠮ ᠵᠦᠴᠦᠭᠡ ᠵᠢᠨ ᠲᠥᠷᠥᠯ ᠢ᠋ 4 ᠡᠳᠦᠷ ᠤ᠋ᠨ 8 ᠲᠠᠯᠠᠪᠤᠷ ᠤᠷᠤᠯᠳᠤᠭᠠᠨ ᠵᠢᠡᠷ ᠦᠵᠡᠭᠴᠢ ᠲᠦᠮᠡᠨ ᠳ᠋ᠡᠭᠡᠨ ᠰᠤᠨᠢᠷᠬᠠᠭᠤᠯᠬᠤ ᠶ᠋ᠢᠨ ᠬᠠᠮᠲᠤ᠂ ᠬᠠᠲᠤᠨ ᠭᠣᠣᠯ ᠤ᠋ᠨ ᠰᠠᠪᠠ ᠭᠠᠵᠠᠷ ᠤ᠋ᠨ ᠰᠢ ᠵᠦᠴᠦᠭᠡ ᠳᠠᠭᠤᠤᠷᠢᠯᠢᠭ ᠤ᠋ᠨ ᠰᠣᠶᠣᠯ ᠤ᠋ᠨ ᠰᠣᠯᠢᠯᠴᠠᠭ᠎ᠠ ᠵᠢᠴᠢ ᠬᠠᠷᠢᠯᠴᠠᠨ ᠰᠤᠷᠤᠯᠴᠠᠵᠤ ᠬᠠᠷᠢᠯᠴᠠᠨ ᠲᠣᠯᠢᠯᠠᠬᠤ ᠵᠢ ᠠᠬᠢᠭᠤᠯᠪᠠ᠃
《ᠳᠤᠮᠳᠠᠳᠤ ᠤᠯᠤᠰᠤᠨᠬᠠᠲᠤᠨ ᠭᠣᠣᠯ ᠤ᠋ᠨ ᠰᠠᠪᠠ ᠭᠠᠵᠠᠷᠤ᠋ᠨ ᠰᠢ ᠵᠦᠴᠦᠬᠡ ᠵᠢᠨ ᠤᠯᠠᠭᠠᠨ ᠲᠡᠷᠢᠬᠦᠯᠡᠭᠴᠢ ᠴᠡᠴᠡᠭᠳᠤ ᠤᠷᠤᠯᠳᠤᠭᠠᠨ》 ᠢ᠋ 1997 ᠣᠨ ᠳ᠋ᠤ᠌ ᠠᠩᠬ᠎ᠠ ᠡᠷᠬᠢᠯᠡᠭᠰᠡᠨᠡᠴᠡ ᠨᠡᠭᠠᠰᠢ ᠨᠢᠭᠡᠨᠲᠡ ᠲᠠᠪᠤᠨ ᠬᠤᠭᠤᠴᠠᠭ᠎ᠠ ᠶᠠᠪᠤᠭᠳᠠᠪᠠ᠃ ᠤᠷᠤᠯᠳᠤᠭᠠᠨ ᠨᠢ ᠭᠡᠷᠡᠯ ᠰᠠᠴᠤᠷᠠᠩᠭᠤᠢ ᠬᠠᠲᠤᠨ ᠭᠣᠣᠯ ᠤ᠋ᠨ ᠪᠣᠯᠪᠠᠰᠤᠨ ᠳ᠋ᠤ᠌ ᠠᠩᠬᠠᠷᠤᠯ ᠵᠢᠠᠨ ᠬᠠᠨᠳᠤᠭᠤᠯᠵᠤ᠂ ᠰᠢ ᠵᠦᠴᠦᠭᠡ ᠵᠢᠨ ᠤᠷᠠᠯᠢᠭ ᠤ᠋ᠨ ᠬᠡᠯᠪᠡᠷᠢ ᠪᠡᠷ ᠳᠤᠮᠳᠠᠳᠤ ᠤᠯᠤᠰ ᠤ᠋ᠨ ᠦᠯᠢᠭᠡᠷ ᠢ᠋ ᠰᠠᠢᠲᠤᠷ ᠶᠠᠷᠢᠵᠤ᠂ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ ᠢ᠋ ᠪᠠᠳᠠᠷᠠᠭᠤᠯᠤᠨ ᠳᠡᠯᠭᠡᠷᠡᠭᠦᠯᠵᠦ᠂ ᠲᠠᠢᠰᠠᠨ ᠤ᠋ ᠤᠷᠠᠯᠢᠭ ᠤ᠋ᠨ ᠰᠣᠯᠢᠯᠴᠠᠭ᠎ᠠ ᠪᠠ ᠮᠥᠷᠭᠥᠯᠳᠦᠯ ᠵᠢᠡᠷ ᠳᠠᠮᠵᠢᠨ ᠳᠤᠮᠳᠠᠳᠤ ᠵᠢᠨ ᠤᠯᠠᠮᠵᠢᠯᠠᠯᠲᠤ ᠰᠢ ᠵᠦᠴᠦᠭᠡ ᠳᠠᠭᠤᠤᠷᠢᠯᠢᠭ ᠤ᠋ᠨ ᠰᠣᠶᠣᠯ ᠤ᠋ᠨ ᠤᠯᠠᠮᠵᠢᠯᠠᠯ ᠪᠠ ᠬᠥᠭᠵᠢᠯᠲᠡ ᠵᠢ ᠠᠬᠢᠭᠤᠯᠤᠭᠰᠠᠨ ᠪᠠᠢᠨ᠎ᠠ᠃



(ᠲᠤᠬᠯᠠᠯᠲᠠ ᠵᠢᠨ ᠬᠡᠰᠡᠭ ᠦᠵᠡᠭᠳᠡᠯ )
ᠫᠢᠩ ᠵᠢᠣᠢ ᠵᠦᠴᠦᠭᠡ — 《ᠴᠢᠩ ᠦᠨᠡᠨᠴᠢ》
ᠣᠬ ᠰᠠᠨᠠᠭ᠎ᠠ ᠪᠠᠨ ᠦᠯᠦ ᠮᠠᠷᠲᠠᠬᠣ ᠭᠡᠵᠦ ᠣᠯᠠᠭᠠᠨ ᠲᠣᠬ ᠤ᠋ᠨ ᠲᠣᠣᠷ᠎ᠠ ᠠᠮᠠᠯᠠᠬᠰᠠᠨ ᠶᠣᠮ᠂ ᠣᠷᠪᠠᠭᠠᠨ ᠬᠦᠷᠪᠡᠭᠡᠨ ᠲᠠᠢ ᠤᠨ ᠴᠠᠬ ᠲᠦ᠍ ᠣᠭᠣᠭᠠᠲᠠ ᠴᠢᠩ ᠦᠨᠡᠨ ᠢ᠋ ᠪᠠᠷᠢᠮᠲᠠᠯᠠᠬᠰᠠᠨ ᠶᠣᠮ ᠃
ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠤᠷᠤᠨ ᠪᠦᠰᠡ ᠵᠢᠨ ᠰᠤᠶᠤᠯᠤᠨ ᠰᠤᠯᠢᠯᠴᠠᠭ᠎ᠠ ᠵᠢ ᠠᠬᠢᠭᠤᠯᠬᠤ ᠪᠡᠷ ᠵᠤᠷᠢᠯᠭ᠎ᠠ ᠪᠡᠨ ᠪᠤᠯᠭᠠᠬᠰᠠᠨ ᠲᠣᠬᠯᠠᠯᠲᠠ ᠵᠢᠨ ᠨᠢᠭᠡ ᠪᠣᠯᠬᠣ ᠫᠢᠩ ᠵᠢᠣᠢ ᠵᠦᠴᠦᠭᠡ 《ᠴᠢᠩ ᠦᠨᠡᠨᠴᠢ》 ᠨᠢ ᠲᠡᠭᠡᠷ᠎ᠡ ᠵᠠᠭᠣᠨ ᠤ᠋ ᠲᠦᠴᠢᠭᠡᠳ ᠤᠨ ᠶ᠋ᠢᠡᠷ ᠠᠬᠣᠢ ᠦᠵᠡᠭᠲᠡᠯ ᠪᠣᠯᠭᠠᠵᠤ᠂ ᠹᠸᠩ ᠱᠦᠢ ᠱᠠᠨ ᠤ᠋ ᠠᠩᠬᠠᠲᠠᠬᠴᠢ ᠦᠨᠳᠦᠰᠦᠨ ᠱᠠᠲᠣᠨ ᠤ᠋ ᠨᠠᠮ ᠤ᠋ᠨ ᠡᠬᠦᠷ ᠶ᠋ᠢᠡᠷ ᠣᠣᠯ ᠲᠦᠷᠢ ᠪᠣᠯᠭᠠᠨ᠂ ᠶᠠᠩ ᠰᠢᠦ ᠵᠠᠩ᠂ ᠵᠢᠨ ᠪᠣᠣ ᠱᠠᠨ ᠪᠠ ᠨᠠᠷᠠᠨᠬᠣᠸᠠᠷ ᠵᠡᠷᠭᠡ ᠲᠣᠰᠬᠣᠨ ᠤ᠋ ᠠᠷᠠᠳ ᠪᠣᠯᠣᠨ ᠨᠠᠢ᠍ᠮᠠᠳᠤᠭᠠᠷ ᠵᠠᠮ ᠤ᠋ᠨ ᠴᠡᠷᠢᠭ ᠤ᠋ᠨ ᠵᠢᠯᠣᠭᠣᠲᠣᠬᠴᠢ ᠸᠠᠩ ᠵᠸᠨ ᠳ᠋ᠦᠩ ᠨᠠᠷᠤᠨ ᠰᠡᠳᠬᠢᠯ ᠨᠢᠭᠡᠲᠦᠨ ᠬᠦᠴᠦ ᠪᠠᠨ ᠬᠠᠮᠳᠤᠳᠬᠠᠵᠤ᠂ ᠬᠠᠮᠲᠣ ᠪᠡᠷ ᠲᠠᠢᠰᠣᠨ ᠢ᠋ ᠡᠰᠡᠷᠬᠦᠴᠡᠭᠰᠡᠨ ᠪᠠᠭᠠᠲᠣᠷᠯᠢᠬ ᠦᠢᠯᠡ ᠠᠵᠢᠯᠯᠠᠭ᠎ᠠ ᠵᠢ ᠲᠣᠰᠬᠠᠵᠠᠢ᠃ ᠵᠦᠴᠦᠬᠡ ᠳ᠋ᠤ ᠡᠪ ᠬᠠᠮᠲᠣ ᠨᠠᠮ ᠤ᠋ᠨ ᠭᠡᠰᠢᠬᠦᠨ ᠶᠠᠩ ᠰᠢᠦ ᠵᠠᠩ ᠤ᠋ᠨ ᠨᠠᠮ ᠳ᠋ᠦ ᠣᠷᠣᠬᠰᠠᠨ ᠢ᠋ ᠭᠡᠷᠡᠴᠢᠯᠡᠬᠦ ᠬᠦᠮᠦᠨ ᠦᠭᠡᠢ ᠪᠠᠢᠲᠠᠯ ᠲᠣᠣᠷ᠎ᠠ᠂ ᠲᠡᠷᠡ ᠪᠡᠷ ᠣᠬ ᠰᠠᠨᠠᠭ᠎ᠠ ᠪᠠᠨ ᠦᠯᠦ ᠮᠠᠷᠲᠠᠨ᠂ ᠭᠠᠵᠠᠷ ᠰᠢᠷᠣᠢ ᠵᠢᠨ ᠦᠭᠡᠷᠡᠴᠢᠯᠡᠯᠲᠡ ᠡᠴᠡ ᠦᠭᠡᠷᠡᠴᠢᠯᠡᠯᠲᠡ ᠨᠡᠬᠡᠬᠡᠯᠳᠡ ᠪᠣᠯᠲᠠᠯ᠎ᠠ ᠨᠢᠭᠡ ᠰᠡᠳᠬᠢᠯ ᠨᠢᠭᠡ ᠵᠣᠷᠢᠬ ᠶ᠋ᠢᠡᠷ ᠲᠣᠰᠬᠣᠨ ᠤ᠋ ᠠᠷᠠᠳ ᠶ᠋ᠢᠡᠨ ᠲᠠᠢᠴᠢᠯᠠᠨ ᠨᠠᠮ ᠤ᠋ᠨ ᠬᠡᠰᠢᠬᠦᠨ ᠤ᠋ ᠡᠬᠦᠷᠭᠡ ᠬᠠᠷᠢᠭᠣᠴᠠᠯᠭ᠎ᠠ ᠪᠠᠨ ᠬᠦᠢᠴᠡᠳᠭᠡᠵᠦ᠂ ᠠᠯᠢ ᠨᠢᠭᠡᠨ ᠡᠳᠦᠷ ᠵᠢᠩᠬᠢᠨᠢ ᠡᠪ ᠬᠠᠮᠳᠤ ᠨᠠᠮᠤᠨ ᠭᠡᠰᠢᠬᠦᠨ ᠪᠤᠯᠬᠤ ᠪᠠᠷ ᠬᠦᠰᠡᠵᠦ ᠪᠠᠢᠬᠰᠠᠨ ᠦᠯᠢᠭᠡᠷ ᠢ᠋ ᠦᠬᠦᠯᠡᠭᠰᠡᠨ ᠪᠠᠢᠨ᠎ᠠ᠃ ᠲᠣᠰ ᠵᠦᠴᠦᠭᠡ ᠨᠢ ᠴᠡᠭ ᠶ᠋ᠢᠡᠷ ᠬᠡᠰᠡᠭ ᠲᠠᠯ᠎ᠠ ᠵᠢ ᠢᠯᠡᠷᠡᠬᠦᠯᠵᠦ᠂ ᠲᠡᠭᠡᠷ᠎ᠡ ᠵᠠᠭᠣᠨ ᠤ᠋ ᠲᠦᠴᠢᠭᠡᠳ ᠤᠨ ᠤ᠋ ᠦᠶ᠎ᠡ ᠵᠢᠨ ᠡᠭᠡᠲᠡᠷᠡᠭᠡᠨ ᠪᠣᠲᠣᠯᠢᠶᠠᠨᠲᠠᠢ ᠲᠡᠦᠬᠡᠨ ᠠᠬᠣᠢ ᠵᠢ ᠣᠷᠠᠯᠢᠬ ᠶ᠋ᠢᠡᠷ ᠲᠣᠰᠬᠠᠵᠦ᠂ ᠲᠣᠮᠲᠠᠲᠣ ᠣᠯᠣᠰ ᠤ᠋ᠨ ᠡᠪ ᠬᠠᠮᠲᠣ ᠨᠠᠮ ᠤ᠋ᠨ ᠣᠯᠠᠨ ᠲᠦᠮᠡᠨ ᠤ᠋ ᠲᠣᠮᠲᠠ ᠡᠴᠡ ᠢᠷᠡᠵᠦ ᠣᠯᠠᠨ ᠲᠦᠮᠡᠨ ᠢ᠋ ᠲᠦᠰᠢᠭᠯᠡᠨ ᠢᠯᠡᠯᠲᠡ ᠣᠯᠣᠬᠰᠠᠨ ᠣᠯᠠᠨ ᠲᠦᠮᠡᠨᠴᠢ ᠦᠵᠡᠯ ᠰᠠᠨᠠᠭ᠎ᠠ ᠵᠢ ᠬᠠᠷᠠᠭᠣᠯᠣᠬᠰᠠᠨ ᠶ᠋ᠢᠡᠷ 2022 ᠤᠨ ᠳ᠋ᠦ ᠦᠪᠦᠷ ᠮᠣᠩᠭᠣᠯ ᠤ᠋ᠨ ᠦᠪᠡᠷᠲᠡᠭᠡᠨ ᠵᠠᠰᠠᠬᠣ ᠣᠷᠣᠨ ᠤ᠋ ᠠᠷᠪᠠᠨ ᠲᠠᠪᠣᠲᠣᠭᠠᠷ ᠬᠣᠭᠣᠴᠠᠭᠠᠨ ᠤ᠋ ᠣᠶᠣᠨ ᠤ᠋ ᠪᠣᠯᠪᠠᠰᠣᠨ ᠤ᠋ ᠪᠠᠢᠭᠣᠯᠣᠯᠲᠠ ᠵᠢᠨ 《ᠲᠠᠪᠣᠨ ᠨᠢᠭᠡ ᠵᠢᠨ ᠢᠨᠵᠸᠨ᠋ᠸᠷᠢᠩ》 ᠤ᠋ᠨ ᠱᠠᠩᠨᠠᠯ ᠢ᠋ ᠬᠦᠷᠲᠡᠭᠰᠨᠨ ᠶᠤᠮ ᠃
ᠵᠦᠴᠦᠭᠡ ᠳ᠋ᠦ ᠶᠠᠩ ᠰᠢᠦ ᠵᠠᠩ ᠤ᠋ᠨ ᠲᠦᠷᠢ ᠵᠢ ᠲᠣᠬᠯᠠᠬᠰᠠᠨ ᠨᠢᠩᠴᠸᠩ ᠰᠢᠶᠠᠨ ᠤ᠋ ᠣᠯᠠᠭᠠᠨᠮᠦᠢ᠍ᠴᠢᠷ ᠤ᠋ᠨ ᠪᠦᠯᠬᠦᠮ ᠤ᠋ᠨ ᠲᠠᠷᠣᠭ᠎ᠠ ᠂ ᠫᠢᠩ ᠵᠢᠣᠢ ᠵᠦᠴᠦᠭᠡ ᠵᠢᠨ ᠦᠪᠡᠷᠲᠡᠭᠡᠨ ᠵᠠᠰᠠᠬᠣ ᠣᠷᠣᠨ ᠤ᠋ ᠲᠡᠰ ᠤ᠋ᠨ ᠪᠤᠳᠠᠰᠤᠨ ᠪᠤᠰᠤ ᠰᠤᠶᠤᠯᠤᠨ ᠦᠪᠤᠨ ᠣᠯᠠᠮᠵᠢᠯᠠᠬᠴᠢ ᠵᠠᠩ ᠱᠦ᠍ ᠳ᠋ᠸ ᠄《ᠪᠢ ᠠᠷᠪᠠᠨ ᠵᠢᠷᠭᠣᠭᠠᠨ ᠨᠠᠰᠣᠨ ᠡᠴᠡ ᠪᠠᠨ ᠡᠬᠢᠯᠡᠵᠦ ᠵᠦᠴᠦᠭᠡ ᠲᠣᠬᠯᠠᠵᠦ ᠰᠣᠷᠣᠬᠰᠠᠨ᠃ ᠦᠨᠦᠲᠦᠷ ᠡᠨᠡ ᠬᠦ᠌ ᠣᠷᠠᠯᠢᠬ ᠤ᠋ᠨ ᠲᠠᠢᠰᠠᠨ ᠳ᠋ᠦ ᠫᠢᠩ ᠵᠢᠣᠢ ᠵᠦᠴᠦᠭᠡ ᠵᠢᠨ ᠰᠣᠲᠣᠨ ᠪᠦᠲᠦᠭᠡᠯ ᠢ᠋ ᠲᠣᠬᠯᠠᠬᠣ ᠪᠡᠷ ᠲᠠᠮᠵᠢᠨ ᠡᠬᠡ ᠣᠯᠣᠰ᠂ ᠡᠪ ᠬᠠᠮᠲᠣ ᠨᠠᠮ ᠳ᠋ᠠᠭᠠᠨ ᠬᠢᠵᠠᠭᠠᠯᠠᠰᠢ ᠦᠭᠡᠢ ᠬᠠᠢᠷᠠᠲᠠᠢ ᠴᠢᠩ ᠦᠨᠡᠨᠴᠢ ᠰᠡᠳᠬᠢᠯ ᠶ᠋ᠢᠡᠨ ᠢᠯᠡᠳᠭᠡᠬᠦ ᠵᠢ ᠵᠣᠷᠢᠬᠰᠠᠨ ᠶᠣᠮ》 ᠭᠡᠵᠦ ᠶᠠᠷᠢᠨ᠎ᠠ᠃ ᠲᠣᠰ ᠵᠦᠴᠦᠭᠡ ᠵᠢᠨ ᠨᠠᠢᠷᠠᠭᠣᠯᠣᠬᠴᠢ ᠱᠠᠨ ᠰᠢᠣᠸᠠᠢ ᠸᠸᠨ᠄《ᠬᠡᠷᠪᠡ ᠲᠣᠮᠲᠠᠲᠣ ᠣᠯᠣᠰ ᠤ᠋ᠨ ᠡᠪ ᠬᠠᠮᠲᠣ ᠨᠠᠮ ᠢ᠋ ᠲᠦᠮᠡᠨ ᠭᠠᠵᠠᠷ ᠤ᠋ᠨ ᠣᠷᠲᠣ ᠴᠠᠭᠠᠨ ᠬᠡᠷᠡᠮ ᠶ᠋ᠢᠡᠷ ᠵᠦᠢᠷᠯᠡᠪᠡᠯ ᠦᠨᠳᠦᠰᠦᠨ ᠱᠠᠲᠣᠨ ᠤ᠋ ᠨᠠᠮ ᠤ᠋ᠨ ᠡᠬᠦᠷ ᠪᠣᠯ ᠡᠨᠡ ᠬᠦ᠌ ᠣᠷᠲᠣ ᠴᠠᠭᠠᠨ ᠬᠡᠷᠡᠮ ᠤ᠋ᠨ ᠰᠠᠭᠣᠷᠢ ᠴᠢᠯᠠᠭᠣ ᠪᠠᠢᠵᠦ ᠲᠠᠭᠠᠷᠠᠨ᠎ᠠ᠃ ᠵᠦᠴᠦᠭᠡ ᠳ᠋ᠦ ᠶᠠᠩ ᠰᠢᠦ ᠵᠠᠩ ᠤ᠋ᠨ ᠨᠠᠮ ᠳ᠋ᠦ ᠣᠷᠣᠬᠰᠠᠨ ᠭᠡᠲᠡᠭ ᠢ᠋ ᠭᠡᠷᠡᠴᠢᠯᠡᠬᠦ ᠬᠦᠮᠦᠨ ᠬᠠᠷᠠᠬᠠᠨ ᠣᠯᠲᠠᠬᠣ ᠦᠭᠡᠢ ᠪᠠᠢᠲᠠᠯ ᠲᠣᠣᠷ᠎ᠠ ᠂ ᠲᠡᠷᠡ ᠪᠡᠷ 30 ᠭᠠᠷᠣᠢ ᠵᠢᠯ ᠨᠠᠮ ᠤ᠋ᠨ ᠰᠦᠢᠳᠭᠡᠯ ᠶ᠋ᠢᠡᠨ ᠦᠪᠡᠰᠦᠪᠡᠨ ᠵᠢᠵᠢᠭ ᠣᠭᠣᠲᠠᠨ ᠳ᠋ᠦ ᠪᠠᠬᠯᠠᠨ ᠲᠣᠰᠢᠶᠠᠵᠦ ᠪᠠᠢᠬᠰᠠᠨ ᠨᠢ ᠰᠡᠳᠬᠢᠯ ᠬᠦᠲᠡᠯᠭᠡᠮᠡ ᠣᠷᠬᠢᠯ ᠬᠡᠰᠡᠭ ᠪᠣᠯᠪᠠ》 ᠭᠡᠵᠦ ᠲᠠᠨᠢᠯᠴᠠᠭᠣᠯᠵᠤ ᠪᠠᠢᠯ᠎ᠠ ᠃



(ᠲᠤᠬᠯᠠᠯᠲᠠ ᠵᠢᠨ ᠬᠡᠰᠡᠭ ᠦᠵᠡᠭᠳᠡᠯ )
ᠳᠤᠮᠳᠠᠳᠤ ᠶ᠋ᠢᠨ ᠰᠢ ᠵᠦᠴᠦᠭᠡ ᠶ᠋ᠢᠨ ᠨᠠᠷᠠᠲᠤ ᠬᠥᠮᠦᠰᠦᠨ ᠰᠤᠩᠭᠤᠳᠠᠭ ᠪᠠᠳᠠᠭᠦᠨ ᠲᠣᠭ᠍ᠯᠠᠯᠲᠠ
ᠳᠤᠮᠳᠠᠳᠤᠶ᠋ᠢᠨ ᠰᠢ ᠵᠦᠴᠦᠭᠡᠶ᠋ᠢᠨ ᠨᠠᠷᠠᠲᠤ ᠬᠥᠮᠦᠰᠦᠨ ᠰᠤᠩᠭᠤᠳᠠᠭ ᠪᠠᠳᠠᠭᠦᠨ ᠲᠣᠭ᠍ᠯᠠᠯᠲᠠᠳᠦ᠂ 《ᠲᠡᠷᠢᠭᠦᠯᠡᠭ᠌ᠴᠢ ᠴᠡᠴᠡᠭᠳᠦ ᠱᠠᠩᠨᠠᠯ》 ᠬᠦᠷᠳᠡᠭᠰᠡᠨ 10 ᠲᠣᠭ᠍ᠯᠠᠭ᠍ᠴᠢ ᠲᠠᠢᠰᠠᠨ᠎ᠠ ᠬᠠᠮᠲᠤ ᠲᠤᠭᠯᠠᠵᠦ᠂ ᠥᠷᠭᠡᠨ ᠣᠯᠠᠨ ᠦᠵᠡᠭ᠌ᠴᠢᠳᠲᠦ ᠳᠤᠮᠳᠠᠳᠤᠶ᠋ᠢᠨ ᠰᠢ ᠵᠦᠴᠦᠭᠡᠶ᠋ᠢᠨ ᠤᠷᠠᠯᠢᠭᠤᠨ ᠦᠪᠡᠳᠡᠭ᠌ᠰᠢ ᠨᠠᠢᠷᠢ ᠰᠤᠨᠢᠷᠬᠠᠭᠤᠯᠵᠠᠢ᠃
ᠪᠡᠭᠡᠵᠢᠩ ᠰᠢ 《ᠤᠯᠠᠭᠠᠨ ᠱᠢᠰᠢ》᠂ ᠰᠸᠴᠤᠸᠠᠨ ᠵᠦᠴᠦᠭᠡ 《ᠲᠡᠷᠢᠭᠦᠯᠡᠭ᠌ᠴᠢ ᠴᠡᠴᠡᠭᠤᠨ ᠲᠠᠰᠤᠷᠬᠠᠶ ᠪᠠᠳᠠᠭ》᠂ ᠰᠸᠴᠤᠸᠠᠨ ᠵᠦᠴᠦᠭᠡᠶ᠋ᠢᠨ ᠣᠨᠴᠠ ᠮᠡᠷᠭᠡᠵᠢᠯ 《ᠵᠢᠰᠦ ᠬᠤᠪᠢᠯᠬᠤ》᠂ ᠱᠠᠨᠳᠦ᠋ᠩ ᠰᠢ 《ᠬᠤᠩ ᠬᠣ᠌ ᠤᠯᠠᠭᠠᠨ ᠬᠠᠮᠠᠭᠠᠯᠠᠬᠤ ᠴᠡᠷᠢᠭ · ᠡᠬᠡᠶᠢᠨ ᠨᠢᠯᠪᠤᠰᠤ》 ᠶ᠋ᠢᠨ ᠰᠣᠩᠭᠣᠮᠠᠯ ᠪᠠᠳᠠᠭ᠂ ᠴᠢᠨᠦ ᠠᠶᠠᠯᠭᠤ 《ᠲᠡᠭᠷᠢᠶᠢᠨ ᠳᠠᠭᠢᠨᠢ ᠴᠡᠴᠡᠭ ᠰᠠᠴᠤᠬᠰᠠᠨ》᠂ ᠺᠦᠨᠱᠠᠨ ᠵᠦᠴᠦᠭᠡ 《 ᠮᠠᠨᠳᠠᠷᠠᠸ᠎ᠠ ᠲᠢᠩᠰᠡ·ᠵᠡᠭᠦᠳᠦ 》 ᠶ᠋ᠢᠨ ᠰᠣᠩᠭᠣᠮᠠᠯ ᠪᠠᠳᠠᠭ᠂ ᠱᠠᠨ ᠰᠢ ᠵᠦᠴᠦᠭᠡ 《ᠬᠠᠭᠠᠨᠨ ᠰᠠᠭᠤᠳᠠᠯᠳᠤ ᠰᠠᠭᠠᠲᠠᠬᠰᠠᠨ ᠨᠢ》 ᠵᠡᠷᠭᠡ ᠠᠷᠪᠠᠨ ᠬᠡᠳᠦᠨ ᠵᠦᠴᠦᠭᠡᠶ᠋ᠢᠨ ᠲᠥᠷᠥᠯ᠂ ᠬᠦᠴᠦᠷᠬᠡᠭ ᠶᠡᠬᠡ ᠲᠣᠭ᠍ᠯᠠᠭ᠍ᠴᠢᠶ᠋ᠢᠨ ᠡᠩᠨᠡᠭᠡ᠂ ᠰᠣᠩᠭᠣᠳᠠᠭ ᠰᠢ ᠵᠦᠴᠦᠭᠡ᠂ ᠬᠡᠭᠡᠨᠴᠢᠷ ᠲᠠᠢᠰᠠᠨ ᠵᠠᠰᠠᠯ ᠵᠡᠷᠭᠡ ᠨᠢ ᠰᠢ ᠵᠦᠴᠦᠭᠡᠶ᠋ᠢᠨ ᠤᠷᠠᠯᠢᠭᠤᠨ ᠥᠨᠢᠳᠡᠶ᠋ᠢᠨ ᠷᠢᠳᠢ ᠱᠢᠳᠢᠶ᠋ᠢ ᠭᠦᠶ᠋ᠴᠡᠳ ᠢᠯᠡᠷᠡᠭᠦᠯᠦᠨ᠂ ᠳᠤᠮᠳᠠᠳᠤᠶ᠋ᠢᠨ ᠰᠢ ᠵᠦᠴᠦᠭᠡᠶ᠋ᠢᠨ ᠲᠥᠪ ᠶᠣᠰᠣᠶ᠋ᠢ ᠪᠠᠷᠢᠮᠲᠠᠯᠠᠨ ᠱᠢᠨᠡᠶ᠋ᠢ ᠡᠭᠦᠳᠬᠦ᠌ ᠣᠮᠣᠭ ᠵᠣᠷᠢᠭᠢᠶᠠᠷ ᠳᠤᠮᠳᠠᠳᠤ ᠤᠯᠤᠰᠤᠨ ᠦᠯᠢᠭᠡᠷᠢ ᠶᠠᠷᠢᠵᠦ᠂ ᠳᠤᠮᠳᠠᠳᠤᠶ᠋ᠢᠨ ᠣᠮᠣᠭ ᠰᠦᠷᠢ ᠬᠠᠷᠠᠭᠤᠯᠵᠦ᠂ ᠰᠢ ᠵᠦᠴᠦᠭᠡ ᠲᠠᠭᠤᠤᠷᠢᠯᠢᠭᠤᠨ ᠤᠷᠠᠯᠢᠭᠤᠨ ᠥᠨᠢᠷ ᠪᠠᠶᠠᠯᠢᠭ ᠬᠥᠭ᠌ᠵᠢᠯ ᠪᠠᠳᠠᠷᠠᠯᠢ ᠢᠯᠡᠷᠡᠭᠦᠯᠪᠡ᠃ ᠨᠡᠩᠴᠦ ᠪᠦᠬᠦ᠌ ᠣᠷᠣᠨᠤ ᠦᠨᠳᠦᠰᠦᠲᠡᠨᠨᠦᠭᠦᠳᠦᠨ ᠣᠯᠠᠨ ᠲᠦᠮᠡᠨᠦ ᠳᠤᠮᠳᠠᠳᠤᠶ᠋ᠢᠨ ᠦᠨᠳᠦᠰᠦᠲᠡᠨᠦ ᠤᠯᠠᠮᠵᠢᠯᠠᠯᠲᠤ ᠰᠣᠶᠣᠯᠢ ᠮᠡᠳᠡᠷᠡᠬᠦ᠌ ᠰᠡᠳᠭᠢᠯᠭᠡ ᠪᠠ ᠣᠮᠣᠭ᠍ᠰᠢᠬᠤ ᠰᠡᠳᠭᠢᠯᠭᠡᠶ᠋ᠢ ᠨᠡᠮᠡᠭ᠌ᠳᠡᠭᠦᠯᠦᠨ᠂ ᠶᠡᠷᠦᠩᠬᠡᠶ ᠱᠦᠵᠢ ᠰᠢ ᠵᠢᠨ ᠫᠢᠩᠦᠨ ᠥᠪᠥᠷ ᠮᠣᠩᠭᠣᠯᠳᠤ ᠲᠤᠱᠢᠶᠠᠭ᠍ᠰᠠᠨ ᠲᠠᠪᠤᠨ ᠶᠡᠬᠡ ᠡᠭᠦᠷᠭᠡ ᠪᠣᠯᠤᠨ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》 ᠢ᠋ ᠪᠥᠬᠥ᠌ ᠲᠠᠯᠠᠪᠠᠷ ᠪᠥᠲᠥᠭᠡᠨ ᠪᠠᠢᠭᠤᠯᠬᠤ ᠬᠣᠶᠠᠷ ᠶᠡᠬᠡ ᠶᠠᠪᠤᠳᠠᠯᠢ ᠴᠢᠷᠮᠠᠢᠨ ᠪᠡᠶᠡᠯᠡᠭᠦᠯᠬᠦᠳᠤ ᠭᠦᠨ ᠵᠤᠵᠠᠭᠠᠨ ᠬᠥᠷ ᠬᠥᠭ᠌ᠵᠢᠶᠡᠨᠲᠡᠶ ᠰᠣᠶᠣᠯᠤᠨ ᠠᠭᠤᠷ ᠠᠮᠢᠰᠭᠤᠯᠢ ᠪᠣᠶ ᠪᠣᠯᠭᠠᠵᠠᠢ᠃




(ᠲᠤᠬᠯᠠᠯᠲᠠ ᠵᠢᠨ ᠬᠡᠰᠡᠭ ᠦᠵᠡᠭᠳᠡᠯ )
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠮᠦᠩᠭᠦᠨᠬᠤᠸᠠᠷ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃