ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-08-07 14:48:28

ᠵᠣᠬᠢᠶᠠᠭ᠍ᠴᠢ᠄ ᠸᠠᠩ ᠰᠢᠶᠣᠣ ᠮᠢᠩ ᠬᠦᠭᠵᠢᠯᠲᠦ ᠣᠩᠱᠢᠭ᠍ᠰᠠᠨ ᠣᠳᠠᠭ᠎ᠠ᠄ 3

ᠨᠠᠢ᠍ᠮᠠᠨ ᠰᠠᠷ᠎ᠠ ᠵᠢᠨ ᠲᠠᠯ᠎ᠠ ᠨᠣᠲᠣᠬ ᠨᠠᠷᠠ ᠨᠢ ᠨᠠᠯᠠᠢᠵᠦ ᠴᠡᠴᠡᠭᠡᠰ ᠭᠠᠩᠬᠣᠨ᠎ᠠ᠂ ᠨᠠᠢᠷ ᠵᠢᠡᠷ ᠴᠠᠯᠬᠢᠯᠠᠬᠰᠠᠨ ᠬᠦᠬᠡᠬᠣᠲᠠ ᠪᠠᠶᠠᠷ ᠵᠢᠷᠭᠠᠯ ᠳ᠋ᠦ ᠱᠣᠩᠪᠠᠨ᠎ᠠ᠃ 8 ᠰᠠᠷ᠎ᠠ ᠵᠢᠨ 6 ᠤ᠋ ᠣᠷᠣᠢ᠂ ᠬᠣᠷᠢᠲᠣᠭᠠᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠤ᠋ᠨ ᠲᠡᠬᠦᠰᠬᠦ ᠶᠣᠰᠣᠯᠠᠯ ᠵᠢᠴᠢ ᠪᠦᠵᠢᠭ ᠤ᠋ᠨ ᠲᠣᠰᠬᠠᠢ ᠲᠠᠯᠠᠪᠠᠢ ᠲᠣᠬᠯᠠᠯᠲᠠ ᠦᠪᠦᠷ ᠮᠣᠩᠭᠣᠯ ᠤ᠋ᠨ ᠣᠷᠠᠯᠢᠬ ᠵᠦᠴᠦᠭᠡ ᠵᠢᠨ ᠬᠦᠷᠢᠶᠡᠯᠡᠩ ᠤ᠋ᠨ ᠲᠠᠭᠣᠣ ᠬᠦᠭᠵᠢᠮ ᠤ᠋ᠨ ᠲᠢᠩᠬᠢᠮ ᠳ᠋ᠦ ᠶᠠᠪᠣᠬᠲᠠᠪᠠ᠃

《ᠤᠮᠠᠷᠠᠲᠤ ᠬᠢᠯᠢ ᠳ᠋ᠤ ᠪᠣᠯᠵᠣᠵᠤ ᠳᠤᠮᠳᠠᠳᠤ ᠪᠠᠨ ᠮᠠᠭ᠍ᠲᠠᠨ ᠳᠠᠭᠤᠯᠠᠶ᠎ᠠ》 ᠪᠡᠷ ᠭᠤᠤᠯ ᠰᠡᠳᠦᠪ ᠵᠢᠡᠨ ᠪᠤᠯᠭᠠᠭᠰᠠᠨ ᠬᠣᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠪᠣᠯ 《ᠤᠷᠠᠯᠢᠭ ᠤ᠋ᠨ ᠦᠪᠡᠳᠡᠭ᠌ᠰᠢ ᠴᠤᠭᠯᠠᠭᠠᠨ᠂ ᠠᠷᠠᠳ ᠲᠦᠮᠡᠨ ᠤ᠋ ᠨᠢᠵᠢᠬᠢᠷ ᠪᠠᠶᠠᠷ》 ᠪᠠᠢᠵᠦ᠂ ᠦᠨᠳᠦᠰᠦᠲᠡᠨ ᠨᠤᠭᠦᠳ ᠤ᠋ᠨ ᠠᠷᠠᠳ ᠲᠦᠮᠡᠨ ᠥᠷᠭᠡᠨ ᠵᠢᠡᠷ ᠤᠷᠤᠯᠴᠠᠭᠰᠠᠨ᠂ ᠤᠯᠠᠮᠵᠢᠯᠠᠬᠤ ᠪᠠ ᠱᠢᠨ᠎ᠡ ᠶ᠋ᠢ ᠡᠭᠦᠳᠬᠦ᠌ ᠦᠪᠡᠳᠡᠭ᠌ᠰᠢ ᠴᠤᠭ᠍ᠯᠠᠭᠠᠨ ᠪᠤᠯᠵᠦ᠂ ᠰᠣᠶᠣᠯ ᠤᠷᠠᠯᠢᠭ ᠤ᠋ᠨ ᠰᠣᠩᠭᠣᠳᠠᠭ ᠪᠦᠲᠦᠭᠡᠯ ᠢ᠋ ᠲᠠᠯᠬᠡᠨ᠂ ᠤᠳᠬ᠎ᠠ ᠤᠷᠠᠯᠢᠭ ᠤ᠋ᠨ ᠵᠣᠬᠢᠶᠠᠨ ᠪᠦᠲᠦᠭᠡᠬᠦ᠌ ᠠᠮᠢᠵᠢᠷᠠᠯ ᠤ᠋ᠨ ᠬᠦᠴᠦᠨ ᠢ᠋ ᠬᠥᠭ᠌ᠵᠢᠭᠡᠵᠦ᠍᠂ ᠤᠮᠠᠷᠠᠲᠤ ᠬᠢᠯᠢ ᠶ᠋ᠢᠨ ᠰᠣᠶᠣᠯ ᠤ᠋ᠨ ᠥᠪᠡᠷᠮᠢᠴᠡ ᠷᠢᠳᠢ ᠱᠢᠳᠢ ᠶ᠋ᠢ ᠪᠦᠬᠦᠯᠢ ᠴᠣᠭ᠍ᠴᠠ ᠪᠠᠷ ᠤᠯᠠᠨ ᠡᠱᠢᠴᠢᠯᠡᠨ ᠤᠯᠠᠮᠵᠢᠯᠠᠵᠠᠢ᠃ ᠨᠢᠭᠡ ᠰᠠᠷ᠎ᠠ ᠶ᠋ᠢᠨ ᠲᠤᠷᠰᠢ᠂ ᠡᠬᠢᠯᠡᠯᠲᠡ ᠶ᠋ᠢᠨ ᠶᠣᠰᠣᠯᠠᠯ᠂ ᠣᠷᠣᠨ ᠤ᠋ ᠳᠣᠲᠤᠨᠠᠬᠢ ᠱᠢᠯᠢᠳᠡᠭ ᠪᠦᠲᠦᠭᠡᠯ ᠤ᠋ᠨ ᠦᠵᠡᠭᠦᠯᠭᠡ᠂ ᠣᠷᠣᠨ ᠪᠦᠰᠡ ᠶ᠋ᠢᠨ ᠬᠣᠭᠣᠷᠣᠨᠳᠣᠬᠢ ᠰᠣᠶᠣᠯ ᠤ᠋ᠨ ᠰᠣᠯᠢᠯᠴᠠᠭᠠᠨ ᠤ᠋ ᠠᠵᠢᠯᠯᠠᠭ᠎ᠠ᠂ ᠣᠨᠴᠠ ᠤᠷᠢᠭ᠍ᠰᠠᠨ ᠪᠦᠲᠦᠭᠡᠯ ᠤ᠋ᠨ ᠦᠵᠡᠭᠦᠯᠭᠡ᠂ ᠦᠵᠡᠰᠬᠦᠯᠡᠩ ᠲᠠᠯᠬᠡᠨ ᠦᠵᠡᠭᠦᠯᠭᠡ ᠵᠢᠨ ᠠᠵᠢᠯᠯᠠᠭ᠎ᠠ᠂ ᠲᠡᠭᠦᠰᠭᠦ ᠶᠣᠰᠣᠯᠠᠯ ᠵᠢᠴᠢ ᠪᠥᠵᠢᠭ ᠤ᠋ᠨ ᠲᠤᠰᠭᠠᠢ ᠲᠠᠯᠠᠪᠠᠢ ᠦᠳᠡᠰᠢᠯᠡᠬᠡ ᠬᠡᠬᠦ 6 ᠲᠦᠷᠦᠯ ᠤ᠋ᠨ 28 ᠵᠦᠢᠯ ᠤ᠋ᠨ ᠠᠵᠢᠯᠯᠠᠭ᠎ᠠ ᠶᠠᠪᠤᠭᠤᠯᠵᠤ᠂ ᠠᠬᠤᠢ ᠳᠠᠯᠠᠪᠠᠢ ᠳ᠋ᠤ ᠲᠤᠭᠯᠠᠯᠳᠠ ᠵᠢ ᠰᠤᠨᠢᠷᠬᠠᠭᠰᠠᠨ ᠬᠦᠮᠦᠨ ᠤ᠋ ᠲᠤᠭ᠎ᠠ 1.8 ᠲᠦᠮᠡ ᠳ᠋ᠤ ᠬᠦᠷᠴᠦ᠂ ᠦᠪ ᠰᠣᠶᠣᠯ ᠤ᠋ᠨ ᠡᠯᠪᠡᠭ ᠪᠠᠶᠠᠨ ᠨᠦᠭᠡᠴᠡ ᠪᠠ ᠦᠵᠡᠰᠬᠦᠯᠡᠩᠲᠦ ᠰᠠᠢᠬᠠᠨ ᠦᠪᠦᠷ ᠮᠣᠩᠭᠣᠯ ᠤ᠋ᠨ ᠭᠠᠢᠬᠠᠮᠰᠢᠬ ᠢ᠋ ᠬᠠᠷᠠᠭᠣᠯᠣᠬᠰᠠᠨ ᠪᠠᠢᠨ᠎ᠠ᠃

ᠬᠡᠷᠪᠡ ᠬᠣᠷᠢᠨ ᠨᠠᠰᠣ ᠵᠢ ᠡᠷ᠎ᠡ ᠵᠢᠨ ᠴᠡᠭᠡᠯ ᠳ᠋ᠦ ᠬᠦᠷᠦᠭᠰᠡᠨ ᠵᠠᠯᠠᠭᠣ ᠨᠠᠰᠣ ᠭᠡᠲᠡᠭ ᠪᠣᠯ ᠬᠤᠷᠢᠨ ᠬᠤᠭᠤᠴᠠᠭ᠎ᠠ ᠶᠠᠪᠤᠭᠳᠠᠵᠤ ᠪᠠᠢᠭ᠎ᠠ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠴᠦ᠍ ᠭᠠᠯ ᠵᠠᠯᠠᠭᠣ ᠵᠢᠨ ᠬᠢᠯᠠᠯᠵᠠᠮ᠎ᠠ ᠦᠶ᠎ᠡ ᠪᠠᠨ ᠣᠬᠲᠣᠯ᠎ᠠ ᠭᠡᠰᠨᠨ ᠦᠭᠡ᠃ ᠨᠡᠬᠡᠷᠡᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠨᠢ ᠨᠢᠭᠡᠨᠲᠡ ᠦᠪᠦᠷ ᠮᠣᠩᠭᠣᠯ ᠤ᠋ᠨ ᠣᠯᠠᠨ ᠨᠡᠢᠲᠡ ᠵᠢᠨ ᠰᠣᠶᠣᠯ ᠤ᠋ᠨ ᠦᠢᠯᠡᠴᠢᠯᠡᠭᠡᠨ ᠤ᠋ 《ᠨᠡᠷ᠎ᠡ ᠵᠢᠨ ᠬᠠᠭᠣᠲᠠᠰᠣ》 ᠪᠣᠯᠣᠬᠰᠠᠨ ᠣᠴᠢᠷᠲᠠᠢ᠃ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠢ᠋ ᠠᠩᠬ᠎ᠠ ᠡᠷᠬᠢᠯᠡᠭᠰᠨᠨ ᠡᠴᠡ ᠡᠳᠦᠭᠡ ᠪᠣᠯᠲᠠᠯ᠎ᠠ ᠡᠯ᠎ᠡ ᠱᠠᠲᠤᠨ ᠤ᠋ ᠡᠯ᠎ᠡ ᠲᠥᠷᠥᠯ ᠤ᠋ᠨ ᠰᠣᠶᠣᠯ ᠤ᠋ᠨ ᠠᠵᠢᠯᠯᠠᠭ᠎ᠠ ᠶ᠋ᠢ ᠨᠡᠢᠲᠡ 1000 ᠭᠠᠷᠤᠶ ᠤᠳᠠᠭ᠎ᠠ ᠥᠷᠨᠢᠭᠦᠯᠵᠦ᠍᠂ 《ᠤᠷᠠᠯᠢᠭ ᠤ᠋ᠨ ᠦᠪᠡᠳᠡᠭ᠌ᠰᠢ ᠴᠤᠭ᠍ᠯᠠᠭᠠᠨ᠂ ᠠᠷᠠᠳ ᠲᠦᠮᠡᠨ ᠤ᠋ ᠨᠢᠵᠢᠬᠢᠷ ᠪᠠᠶᠠᠷ》 ᠤ᠋ᠨ ᠨᠠᠢᠷ ᠡᠷᠬᠢᠯᠡᠬᠦ᠌ ᠵᠣᠷᠢᠯᠲᠠ ᠶ᠋ᠢ ᠭᠦᠢᠴᠡᠳ ᠲᠠᠢᠯᠪᠤᠷᠢᠯᠠᠵᠠᠶ᠃

ᠤᠳᠭ᠎ᠠ ᠤᠷᠠᠯᠢᠭ ᠤ᠋ᠨ ᠰᠣᠳᠣᠨ ᠰᠢᠯᠢᠲᠡᠭ ᠪᠦᠲᠦᠭᠡᠯ ᠢ᠋ ᠣᠷᠣᠭᠤᠯᠤᠨ ᠠᠪᠴᠢᠷᠠᠬᠤ᠂ ᠰᠣᠯᠢᠯᠴᠠᠭ᠎ᠠ ᠦᠷᠨᠢᠬᠦᠯᠬᠦ ᠪᠣᠯ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠢᠮᠠᠭ᠍ᠲᠠ ᠶ᠋ᠢᠨ ᠵᠣᠷᠢᠯᠲᠠ ᠪᠣᠯᠤᠨ᠎ᠠ᠃ ᠲᠣᠰ ᠬᠤᠭᠤᠴᠠᠭᠠᠨ ᠤ᠋ ᠰᠣᠶᠣᠯ ᠤ᠋ᠨ ᠨᠠᠢᠷ ᠲᠦ᠍ ᠳᠤᠮᠳᠠᠳᠤ ᠤᠯᠤᠰ ᠤ᠋ᠨ ᠲᠠᠭᠣᠯᠠᠯᠲᠣ ᠵᠦᠴᠦᠭᠡ ᠪᠥᠵᠢᠭ᠌ᠲᠦ ᠵᠦᠴᠦᠭᠡ ᠶ᠋ᠢᠨ ᠬᠦᠷᠢᠶᠡᠯᠡᠩ ᠵᠡᠷᠭᠡ ᠤᠯᠤᠰ ᠤ᠋ᠨ ᠱᠢᠭᠤᠳ ᠬᠠᠷᠢᠶ᠎ᠠ ᠤᠯᠠᠨ ᠬᠦᠷᠢᠶᠡᠯᠡᠩ ᠪᠦᠯᠬᠦᠮ ᠤ᠋ᠨ ᠰᠣᠩᠭᠣᠳᠠᠭ ᠵᠦᠴᠦᠭᠡ ᠶ᠋ᠢ ᠣᠷᠣᠭᠤᠯᠤᠨ ᠠᠪᠴᠢᠷᠠᠵᠤ ᠂ ᠲᠠᠭᠣᠯᠠᠯᠲᠣ ᠵᠦᠴᠦᠭᠡ 《ᠪᠤᠭᠤᠷᠤᠯ ᠬᠡᠦᠬᠡᠨ》᠂ ᠨᠠᠢᠷᠠᠯ ᠬᠥᠭ᠌ᠵᠢᠮ 《ᠳᠤᠮᠳᠠᠳᠤ ᠭᠠᠳᠠᠭᠠᠳᠤ᠎ᠶ᠋ᠢᠨ ᠨᠠᠷᠠᠲᠤ ᠳᠠᠭᠤᠤ ᠬᠥᠭ᠌ᠵᠢᠮ ᠤ᠋ᠨ ᠴᠤᠭ᠍ᠯᠠᠭᠠᠨ》᠂ ᠺᠦᠨᠱᠠᠨ ᠵᠦᠴᠦᠭᠡ《ᠮᠠᠨᠳᠠᠷᠠᠸ᠎ᠠ ᠲᠢᠩᠰᠡ》᠂ ᠾᠧᠨᠠᠨ ᠵᠦᠴᠦᠭᠡ 《ᠴᠧᠩ ᠶᠢᠩ ᠥᠨᠥᠴᠢᠨ ᠬᠡᠦᠬᠡᠳ ᠢ᠋ ᠠᠪᠤᠷᠬᠠᠰᠠᠨ ᠨᠢ》᠂ ᠪᠥᠵᠢᠭ᠌ᠲᠦ ᠵᠦᠴᠦᠭᠡ 《ᠬᠥᠬᠡ ᠳᠡᠪᠡᠯᠳᠡᠨ》᠂ ᠪᠡᠭᠡᠵᠢᠩ ᠰᠢ 《ᠮᠥ᠍ ᠬᠦᠶ ᠶᠢᠩ ᠴᠡᠷᠢᠭ ᠲᠠᠢᠴᠢᠯᠠᠬᠰᠠᠨ ᠨᠢ》᠂ 《ᠰᠸ ᠯᠠᠩ ᠡᠵᠢ ᠪᠠᠨ ᠡᠷᠬᠢᠭᠰᠡᠨ ᠨᠢ》 ᠵᠡᠷᠭᠡ ᠣᠯᠠᠨ ᠲᠦᠷᠦᠯ ᠢ᠋ ᠪᠠᠬᠲᠠᠭᠠᠬᠰᠠᠨ ᠪᠠᠢᠨ᠎ᠠ᠃ ᠪᠠᠰᠠ ᠺᠢᠨᠣ᠋᠂ ᠰᠢ ᠵᠦᠴᠦᠭᠡ᠂ ᠶᠧᠯᠸᠢ᠂ ᠶᠠᠷᠢᠶᠠᠲᠤ ᠵᠦᠴᠦᠭᠡ᠂ ᠲᠠᠭᠤᠯᠠᠯᠲᠤ ᠵᠦᠴᠦᠭᠡ᠂ ᠭᠡᠷᠡᠯ ᠵᠢᠷᠤᠭ ᠤ᠋ᠨ ᠦᠵᠡᠬᠦᠯᠭᠡ᠂ ᠲᠡᠦᠬᠡ ᠶ᠋ᠢᠨ ᠳᠤᠷᠠᠰᠭᠠᠯᠲᠤ ᠵᠦᠢᠯᠡᠰ ᠤ᠋ᠨ ᠦᠵᠡᠰᠬᠦᠯᠡᠨᠭ ᠵᠡᠷᠭᠡ ᠡᠯ᠎ᠡ ᠵᠦᠢᠯ ᠤ᠋ᠨ ᠤᠷᠠᠯᠢᠭ ᠤ᠋ᠨ ᠲᠦᠷᠦᠯ ᠢ᠋ ᠪᠦᠷ ᠬᠠᠮᠣᠷᠴᠣ᠂ ᠨᠠᠢ᠍ᠮᠠᠨ ᠨᠠᠰᠣᠲᠠᠢ ᠬᠡᠦᠬᠡᠳ ᠡᠴᠡ ᠨᠠᠶᠠᠨ ᠨᠠᠰᠣᠲᠠᠢ ᠪᠣᠭᠣᠷᠣᠯ ᠬᠦᠷᠲᠡᠯ᠎ᠡ ᠴᠥᠮ ᠦᠪᠡᠷ ᠥᠪᠡᠷ ᠤ᠋ᠨ ᠵᠢᠡᠨ ᠦᠵᠡᠵᠦ ᠰᠣᠨᠢᠷᠬᠠᠬᠣ ᠲᠣᠷᠠᠲᠠᠢ ᠵᠦᠢᠯ ᠵᠢᠡᠨ ᠰᠣᠩᠭᠣᠵᠦ ᠴᠢᠲᠠᠬᠣ ᠪᠣᠯᠪᠠ᠃ ᠡᠢᠨ ᠬᠦ᠌ ᠬᠤᠷᠢᠨ ᠬᠤᠭᠤᠴᠠᠭ᠎ᠠ ᠶᠠᠪᠤᠭ᠍ᠳᠠᠭ᠍ᠰᠠᠨ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠨᠢ ᠲᠠᠰᠤᠷᠠᠯᠲᠠ ᠥᠬᠡᠶ ᠲᠡᠭᠦᠯᠳᠡᠷᠵᠢᠨ ᠳᠡᠭᠡᠭ᠌ᠰᠢᠯᠡᠬᠦ᠌ ᠪᠡᠷ ᠳᠡᠮᠵᠢᠨ ᠨᠢᠭᠡᠨᠲᠡ ᠰᠣᠶᠣᠯ ᠢ᠋ ᠬᠠᠮᠲᠤ ᠪᠠᠷ ᠡᠳ᠋ᠯᠡᠬᠦ᠌ ᠦᠪᠡᠳᠡᠭ᠌ᠰᠢ ᠨᠠᠢᠷ ᠪᠤᠯᠵᠤ᠂ ᠠᠷᠠᠳ ᠤᠯᠠᠨ ᠤ᠋ ᠤᠯᠠᠨ ᠶᠠᠩᠵᠤ᠂ ᠤᠯᠠᠨ ᠲᠡᠰ ᠳᠠᠪᠬᠤᠷᠭ᠎ᠠ᠂ ᠤᠯᠠᠨ ᠲᠠᠯ᠎ᠠ ᠶ᠋ᠢᠨ ᠰᠣᠶᠣᠯ ᠤ᠋ᠨ ᠬᠡᠷᠡᠭ᠌ᠴᠡᠭᠡ ᠶ᠋ᠢ ᠬᠠᠩᠭᠠᠵᠤ ᠴᠢᠳᠠᠬᠤ ᠪᠣᠯᠵᠠᠶ᠃

ᠣᠷᠠᠯᠢᠬ ᠰᠣᠶᠣᠯ ᠣᠯᠠᠮᠵᠢᠯᠠᠯ ᠡᠴᠡ ᠦᠨᠳᠦᠰᠦᠯᠡᠵᠦ᠂ ᠠᠭᠣᠰᠣᠯᠴᠠᠯ ᠣᠶᠠᠯᠲᠣᠯ ᠵᠢᠡᠷ ᠦᠷᠨᠢᠵᠦ ᠬᠦᠭᠵᠢᠲᠡᠭ᠃ ᠬᠤᠷᠢᠳᠤᠭᠠᠷ ᠬᠣᠭᠣᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠨᠠᠢᠷ ᠲᠦ᠍ ᠲᠣᠮᠲᠠᠲᠣ ᠣᠯᠣᠰ ᠤ᠋ᠨ ᠲᠠᠭᠣᠯᠠᠯᠲᠣ ᠵᠦᠴᠦᠭᠡ ᠪᠦᠵᠢᠭᠲᠦ ᠵᠦᠴᠦᠭᠡ ᠵᠢᠨ ᠬᠦᠷᠢᠶᠡᠯᠡᠩ ᠵᠡᠷᠭᠡ ᠣᠯᠣᠰ ᠤ᠋ᠨ ᠰᠢᠭᠣᠳ ᠬᠠᠷᠢᠶ᠎ᠠ ᠣᠯᠠᠨ ᠬᠦᠷᠢᠶᠡᠯᠡᠩ ᠪᠦᠯᠬᠦᠮ ᠤ᠋ᠨ ᠰᠣᠩᠭᠣᠲᠠᠬ ᠲᠣᠬᠯᠠᠯᠲᠠ ᠵᠢ ᠣᠷᠢᠵᠦ ᠦᠷᠭᠡᠨ ᠣᠯᠠᠨ ᠲᠦᠮᠡᠨ ᠤ᠋ ᠦᠨᠳᠦᠷ ᠲᠦᠪᠰᠢᠨ ᠪᠦᠬᠦᠢ ᠰᠣᠶᠣᠯ ᠤ᠋ᠨ ᠬᠡᠷᠡᠭᠴᠡᠭᠡ ᠵᠢ ᠬᠠᠩᠭᠠᠬᠰᠠᠨ ᠮᠦᠷᠲᠡᠭᠡᠨ ᠮᠠᠨ ᠤ᠋ ᠣᠷᠣᠨ ᠤ᠋ ᠵᠣᠬᠢᠶᠠᠨ ᠪᠦᠲᠦᠭᠡᠭᠰᠡᠨ ᠰᠢᠯᠢᠲᠡᠭ ᠣᠳᠬ᠎ᠠ ᠣᠷᠠᠯᠢᠬ ᠤ᠋ᠨ ᠪᠦᠲᠦᠭᠡᠯ ᠢ᠋ ᠲᠣᠬᠯᠠᠵᠦ᠂ ᠰᠣᠯᠢᠯᠴᠠᠭ᠎ᠠ ᠦᠷᠨᠢᠬᠦᠯᠬᠦ ᠪᠠ ᠰᠣᠶᠣᠯ ᠢ᠋ ᠬᠠᠮᠲᠣ ᠪᠡᠷ ᠡᠳ᠋ᠯᠡᠬᠦ ᠵᠢ ᠪᠠᠶᠡᠯᠡᠬᠦᠯᠦᠭᠰᠡᠨ ᠵᠢᠡᠷ ᠪᠠᠷᠠᠬᠤ ᠦᠬᠡᠢ ᠪᠠᠰᠠ ᠦᠪᠦᠷ ᠮᠣᠩᠭᠣᠯ ᠤ᠋ᠨ ᠦᠵᠡᠰᠬᠦᠯᠡᠩ ᠭᠠᠢᠬᠠᠮᠰᠢᠬ᠂ ᠤᠮᠠᠷᠠᠳᠦ ᠬᠢᠯᠢ ᠵᠢᠨ ᠰᠤᠶᠤᠯ ᠤᠷᠠᠯᠢᠭ ᠢ᠋ ᠪᠦᠬᠦ ᠤᠯᠤᠰ ᠤ᠋ᠨ ᠠᠷᠠᠳ ᠲᠦᠮᠡᠨ ᠳ᠋ᠤ ᠬᠦᠷᠳᠡᠭᠡᠵᠤ᠂ 《ᠤᠮᠠᠷᠠᠲᠤ ᠬᠢᠯᠢ ᠶ᠋ᠢᠨ ᠰᠣᠶᠣᠯ》 ᠤ᠋ᠨ ᠲᠦᠷᠦᠯ ᠲᠡᠮᠳᠡᠭ ᠢ᠋ ᠲᠠᠭᠤᠷᠢᠰᠤᠭᠤᠯᠤᠭᠰᠠᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面