ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-08-07 15:03:24

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠨᠠᠢᠷᠠᠭᠤᠯᠤᠬᠴᠢ ᠵᠢᠨ ᠦᠭᠡ ᠄

ᠨᠠᠷᠠ ᠲᠠᠢ ᠬᠤᠷ᠎ᠠ ᠲᠠᠢ ᠰᠠᠢᠬᠠᠨ ᠵᠤᠨ᠎ᠤ ᠤᠯᠠᠷᠢᠯ᠎ᠳᠤ ᠬᠡᠷ᠎ᠤᠨ ᠵᠢᠡᠨ ᠡᠬᠦᠳᠡᠨ᠎ᠳᠤ ᠨᠡᠷ᠎ᠠ ᠨᠦᠯᠤᠭᠡ ᠲᠠᠢ ᠰᠤᠳᠤᠨ ᠰᠠᠢᠬᠠᠨ ᠤᠷᠠᠨ ᠪᠦᠳᠤᠭᠡᠯ ᠡᠴᠡ ᠠᠮᠳᠠᠷᠬᠠᠨ ᠰᠤᠨᠢᠷᠬᠠᠬᠤ ᠨᠢ ᠪᠠᠰᠠ ᠨᠢᠭᠡᠨ ᠵᠢᠷᠭᠠᠯ ᠶᠤᠮ᠃ ᠬᠤᠷᠢᠳᠤᠭᠠᠷ ᠬᠤᠭᠤᠴᠠᠭᠠᠨ ᠤ᠋ ᠲᠤᠮᠳᠠᠳᠦ ᠤᠯᠤᠰ·ᠦᠪᠤᠷ ᠮᠤᠩᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠬᠤᠭᠤᠴᠠᠭᠠᠨ᠎ᠳᠤ ᠂ ᠣᠨᠴᠠ ᠤᠷᠢᠭ᠍ᠰᠠᠨ ᠪᠦᠲᠦᠭᠡᠯ᠎ᠦᠨ ᠦᠵᠡᠭᠦᠯᠭᠡ᠎ᠳᠦ ᠭᠤᠤᠯᠳᠠᠭᠤ ᠤᠯᠤᠰ᠎ᠤᠨ ᠱᠢᠭᠤᠳ ᠬᠠᠷᠢᠶ᠎ᠠ ᠬᠦᠷᠢᠶᠡᠯᠡᠩ ᠪᠦᠯᠬᠦᠮ᠂ ᠡᠯ᠎ᠡ ᠮᠤᠵᠢ ᠣᠷᠣᠨ᠎ᠤ ᠬᠦᠷᠢᠶᠡᠯᠡᠩ ᠪᠦᠯᠬᠦᠮ᠎ᠦᠨ ᠵᠣᠬᠢᠶᠠᠨ ᠪᠦᠲᠦᠭᠡᠭ᠌ᠰᠡᠨ ᠰᠣᠩᠭᠣᠳᠠᠭ ᠲᠤᠭᠯᠠᠯᠳᠠ᠎ᠶ᠋ᠢ ᠤᠷᠢᠵᠦ ᠲᠤᠭᠯᠠᠭᠤᠯᠬᠤ᠎ᠪᠡᠷ ᠳᠠᠮᠵᠢᠭᠤᠯᠤᠨ᠂ ᠮᠠᠨ᠎ᠤ ᠤᠷᠤᠨ᠎ᠤ ᠤᠷᠠᠯᠢᠭ ᠵᠦᠴᠦᠭᠡ᠎ᠶ᠋ᠢᠨ ᠲᠣᠭ᠍ᠯᠠᠯᠲᠠ᠎ᠶ᠋ᠢᠨ ᠪᠦᠲᠦᠴᠡ᠎ᠶ᠋ᠢ ᠰᠢᠯᠢᠳᠡᠭᠵᠢᠬᠦᠯᠦᠨ᠂ ᠥᠷᠭᠡᠨ ᠣᠯᠠᠨ ᠲᠦᠮᠡᠨ᠎ᠦ ᠣᠶᠤᠨ ᠰᠠᠨᠠᠭ᠎ᠠ ᠰᠣᠶᠣᠯ᠎ᠤᠨ ᠥᠨᠳᠥᠷ ᠲᠦᠪᠱᠢᠨ᠎ᠦ ᠱᠠᠭᠠᠷᠳᠠᠯᠭ᠎ᠠ᠎ᠶ᠋ᠢ ᠬᠠᠩᠭᠠᠵᠠᠢ᠃ ᠳᠠᠭᠤᠯᠠᠯᠲᠤ ᠵᠦᠴᠦᠭᠡ 《ᠪᠤᠭᠤᠷᠤᠯ ᠬᠡᠦᠬᠡᠨ》᠂ ᠨᠠᠢᠷᠠᠯ ᠬᠥᠭ᠌ᠵᠢᠮ 《ᠲᠤᠮᠳᠠᠳᠦ ᠭᠠᠳᠠᠭᠠᠳᠦ ᠵᠢᠨ ᠰᠤᠩᠭᠤᠳᠠᠭ ᠬᠦᠭᠵᠢᠮ ᠤ᠋ᠨ ᠴᠤᠭᠯᠠᠭᠠᠨ》᠂ ᠺᠦᠨᠱᠠᠨ ᠵᠦᠴᠦᠭᠡ 《ᠮᠠᠨᠳᠠᠷᠠᠸ᠎ᠠ ᠲᠢᠩᠰᠡ》 (ᠤᠯᠠᠮᠵᠢᠯᠠᠯᠳᠤ ᠬᠡᠪᠯᠡᠯ )᠂ ᠾᠸᠨᠠᠨ ᠵᠦᠴᠦᠭᠡ 《ᠴᠸᠩ ᠶᠢᠩ ᠦᠨᠦᠴᠢᠨ ᠬᠡᠦᠬᠡᠳ᠎ᠢ ᠠᠪᠣᠷᠠᠬᠰᠠᠨ》 ᠂ ᠪᠥᠵᠢᠭ᠌ᠲᠦ ᠵᠦᠴᠦᠭᠡ 《ᠬᠥᠬᠡ ᠳᠡᠪᠡᠯᠳᠡᠨ》 ᠵᠡᠷᠭᠡ 8 ᠲᠠᠯᠠᠪᠠᠶ ᠲᠣᠭ᠍ᠯᠠᠯᠲᠠ ᠪᠡᠷ ᠰᠤᠶᠤᠯ ᠤᠷᠠᠯᠢᠭ ᠤ᠋ᠨ ᠬᠠᠷᠢᠯᠴᠠᠭ᠎ᠠ ᠰᠤᠯᠢᠯᠴᠠᠭ᠎ᠠ ᠵᠢ ᠴᠢᠩᠭᠠᠳᠬᠠᠨ ᠂ ᠤᠳᠬ᠎ᠠ ᠤᠷᠠᠯᠢᠭ ᠤ᠋ᠨ ᠵᠤᠬᠢᠶᠠᠨ ᠪᠦᠳᠦᠭᠡᠯᠭᠡ ᠵᠢᠨ ᠰᠢᠨ᠎ᠠ ᠲᠦᠪᠰᠢᠨ ᠳ᠋ᠤ ᠬᠦᠷᠬᠦ ᠵᠢ ᠠᠬᠢᠭᠤᠯᠵᠤ᠂《ᠤᠮᠠᠷᠠᠳᠦ ᠬᠢᠯᠢ ᠵᠢᠨ ᠰᠤᠶᠤᠯ 》 ᠤ᠋ᠨ ᠲᠦᠷᠦᠯ ᠳᠡᠮᠳᠡᠭᠳᠤ ᠵᠢ ᠠᠯᠳᠠᠷᠰᠢᠭᠤᠯᠬᠤ ᠳ᠋ᠤ ᠴᠢᠬᠤᠯᠠ ᠦᠢᠯᠡᠳᠦᠯ ᠦᠵᠡᠬᠦᠯᠪᠠ᠃


ᠪᠡᠭᠡᠵᠢᠩ ᠰᠢ 《ᠮᠦ᠍ ᠬᠦᠢ ᠶᠢᠩ ᠴᠡᠷᠢᠭ ᠳᠠᠢᠴᠢᠯᠠᠭᠰᠠᠨ ᠨᠢ》

ᠪᠡᠭᠡᠵᠢᠩ ᠰᠢ 《ᠮᠦ᠍ ᠬᠦᠢ ᠶᠢᠩ ᠴᠡᠷᠢᠭ ᠳᠠᠢᠴᠢᠯᠠᠭᠰᠠᠨ ᠨᠢ》 ᠭᠡᠬᠦ ᠦᠯᠢᠭᠡᠷ᠎ᠲᠦ᠂ ᠪᠠᠷᠠᠭᠤᠨ ᠱᠢᠶᠠ ᠤᠯᠤᠰ ᠰᠦᠩ ᠤᠯᠤᠰ᠎ᠢ ᠲᠦᠷᠢᠮᠡᠬᠡᠢᠯᠡᠵᠦ᠂ ᠱᠧ ᠲᠠᠢ ᠵᠢᠶᠦ᠋ᠨ ᠲᠦᠷᠦ᠎ᠶᠢᠨ ᠲᠤᠰᠢᠶᠠᠯ ᠡᠴᠡ ᠪᠠᠨ ᠪᠠᠭᠤᠭᠰᠠᠨ ᠪᠣᠯᠪᠠᠴᠤ᠌᠂ ᠮᠦᠨ ᠬᠦ᠌ ᠲᠥᠷᠥ᠎ᠶ᠋ᠢᠨ ᠶᠠᠪᠤᠳᠠᠯ᠎ᠳᠤ ᠰᠡᠳᠬᠢᠯ᠎ᠢᠶᠡᠨ ᠵᠦᠳᠡᠭᠡᠵᠦ᠂ ᠤᠨᠴᠠᠭᠠᠢᠯᠠᠨ ᠵᠢᠴᠢ ᠤᠮᠪᠤᠯᠤ ᠶᠠᠩ ᠸᠸᠨ ᠭᠤᠸᠠᠩ᠂ ᠶᠠᠩ ᠵᠢᠨ ᠬᠤᠸᠠ᠎ᠵᠢ ᠲᠣᠮᠢᠯᠠᠨ ᠪᠢᠶᠠᠨ ᠯᠢᠶᠠᠩ᠎ᠳᠤ ᠣᠴᠢᠭᠤᠯᠵᠤ᠂ ᠴᠡᠷᠢᠭ ᠳᠠᠢᠨ᠎ᠤ ᠪᠠᠢᠳᠠᠯ᠎ᠢ ᠳᠠᠩᠨᠠᠭᠤᠯᠵᠠᠶ᠃ ᠲᠤᠬᠠᠶ᠎ᠶ᠋ᠢᠨ ᠦᠶ᠎ᠡ᠎ᠳᠦ ᠴᠡᠷᠢᠭ᠎ᠦᠨ ᠶᠠᠪᠤᠳᠠᠯ᠎ᠤᠨ ᠵᠤᠷᠭᠠᠨ᠎ᠤ ᠡᠷᠬᠢᠨ ᠰᠠᠢᠳ ᠸᠠᠩ ᠴᠢᠶᠠᠩ ᠲᠡᠭᠦᠨ᠎ᠦ ᠬᠥᠪᠡᠭᠦᠨ ᠸᠠᠩ ᠯᠦᠨ᠎ᠢ ᠦᠷᠯᠦᠭ ᠵᠠᠩᠵᠤᠨ᠎ᠢᠶᠠᠷ ᠪᠠᠲᠤᠯᠠᠨ ᠲᠠᠨᠢᠯᠴᠠᠭᠤᠯᠵᠤ᠂ ᠴᠡᠷᠢᠭ᠎ᠦᠨ ᠡᠷᠬᠡ᠎ᠶ᠋ᠢ ᠬᠤᠯᠠᠭᠠᠢᠯᠠᠬᠤ᠎ᠪᠠᠷ ᠭᠣᠷᠢᠳᠠᠵᠠᠶ᠃ ᠭᠡᠲᠡᠯ᠎ᠡ ᠶᠡᠬᠡ ᠰᠠᠢᠳ ᠺᠧᠦ ᠵᠦᠨ ᠶᠠᠩ ᠤᠪᠤᠭᠳᠦ᠎ᠶᠢᠨ ᠪᠠᠭᠠᠲᠤᠷ᠎ᠤᠳ᠎ᠢ ᠪᠠᠲᠤᠯᠠᠨ ᠲᠠᠨᠢᠯᠴᠠᠭᠤᠯᠵᠤ᠂ ᠮᠦᠷᠦᠢᠴᠡᠭᠡᠨ᠎ᠤ ᠲᠠᠯᠠᠪᠠᠢ᠎ᠳᠤ ᠴᠡᠷᠢᠭ᠎ᠦᠨ ᠡᠷᠳᠡᠮ ᠮᠥᠷᠥᠢᠴᠡᠵᠦ᠍᠂ ᠦᠷᠯᠦᠭ ᠵᠠᠩᠵᠤᠨ ᠰᠢᠯᠭᠠᠷᠠᠭᠤᠯᠬᠤ ᠳᠤᠷᠠᠳᠤᠯᠭ᠎ᠠ ᠭᠠᠷᠭᠠᠵᠠᠢ᠃ ᠮᠦᠷᠦᠢᠴᠡᠭᠡᠨ᠎ᠳᠦ᠂ ᠸᠠᠩ ᠯᠦᠨ ᠵᠠᠯᠭᠠᠭ᠎ᠠ᠎ᠪᠠᠷ ᠬᠡᠳᠦᠨ ᠲᠠᠯᠠᠪᠠᠢ ᠢᠯᠠᠵᠤ᠂ ᠰᠡᠭᠦᠯᠡᠷ ᠨᠢ ᠶᠠᠩ ᠸᠸᠨ ᠭᠤᠸᠠᠩ᠎ᠤᠨ ᠦᠬᠢᠨ ᠳᠡᠭᠦᠦ ᠮᠦᠷᠦᠢᠴᠡᠭᠡᠨ᠎ᠤ ᠲᠠᠯᠠᠪᠠᠢ᠎ᠳᠤ ᠳᠠᠭᠠᠷᠢᠨ ᠣᠷᠣᠵᠤ᠂ ᠸᠠᠩ ᠯᠦᠨ᠎ᠢ ᠪᠠᠢᠯᠳᠤᠨ ᠢᠯᠠᠵᠦ᠂ ᠸᠠᠩ ᠯᠦᠨ ᠦᠬᠦᠪᠡ᠃ ᠰᠦᠩ ᠤᠯᠤᠰ᠎ᠤᠨ ᠬᠠᠭᠠᠨ ᠲᠡᠷᠡ ᠬᠤᠶᠠᠷ᠎ᠢ ᠶᠠᠩ ᠣᠪᠣᠭ᠍ᠲᠤ᠎ᠶ᠋ᠢᠨ ᠬᠣᠢᠴᠢᠰ ᠭᠡᠳᠡᠭ᠎ᠢ ᠮᠡᠳᠡᠭᠡᠳ ᠦᠷᠯᠦᠭ᠎ᠤᠨ ᠲᠠᠮᠠᠭ᠎ᠠ᠎ᠵᠢ ᠠᠪᠴᠤ᠌ ᠭᠡᠷ᠎ᠲᠡᠬᠡᠨ ᠬᠠᠷᠢᠭᠠᠳ ᠮᠦ᠍ ᠬᠦᠢ ᠶᠢᠩ᠎ᠢᠶᠡᠷ ᠦᠷᠯᠦᠭ ᠵᠠᠩᠵᠤᠨ ᠪᠤᠯᠭᠠᠵᠦ ᠴᠡᠷᠢᠭ ᠵᠠᠰᠠᠭᠤᠯᠬᠤ᠎ᠪᠡᠷ ᠵᠠᠷᠯᠢᠭ ᠪᠠᠭᠤᠯᠭᠠᠪᠠ᠃ ᠰᠦᠩ ᠤᠯᠤᠰ᠎ᠤᠨ ᠬᠠᠭᠠᠨ ᠬᠠᠷᠬᠢᠰ ᠬᠠᠷᠠᠮᠴᠢ ᠮᠦᠷᠳᠡᠭᠡᠨ ᠡᠯᠪᠡᠷᠢᠯ ᠦᠬᠡᠢ ᠲᠤᠯᠠ᠂ ᠮᠦ᠍ ᠬᠦᠢ ᠶᠢᠩ ᠬᠠᠭᠠᠨ ᠲᠦᠷᠦ᠍᠎ᠶ᠋ᠢᠨ ᠲᠥᠯᠥᠭᠡ ᠬᠦᠴᠦ ᠪᠠᠨ ᠡᠷᠬᠦᠬᠦ ᠳᠤᠷ᠎ᠠ ᠦᠭᠡᠢ ᠪᠠᠢᠵᠦ᠂ ᠸᠧᠨ ᠭᠤᠸᠠᠩ ᠲᠠᠮᠠᠭ᠎ᠠ᠎ᠶ᠋ᠢ ᠠᠪᠴᠢᠷᠠᠭᠰᠠᠨ᠎ᠳᠦ ᠪᠤᠷᠤᠭᠤᠰᠢᠶᠠᠨ ᠵᠢᠮᠡᠯᠡᠪᠡ᠃ ᠰᠡᠭᠦᠯᠡᠷ ᠨᠢ ᠱᠧ ᠲᠠᠢ ᠵᠢᠶᠦ᠋ᠨ ᠶᠡᠬᠡ ᠶᠣᠰᠣ᠎ᠶ᠋ᠢ ᠡᠷᠬᠢᠮᠯᠠᠵᠦ᠂ ᠲᠡᠭᠦᠨ᠎ᠢ ᠬᠠᠷᠢ᠎ᠶ᠋ᠢᠨ ᠳᠠᠷᠤᠯᠠᠯ᠎ᠢ ᠡᠰᠡᠷᠭᠦᠴᠡᠬᠦ᠌᠎ᠵᠢ ᠢᠳᠬᠠᠵᠦ᠂ ᠮᠦ᠍ ᠬᠦᠢ ᠶᠢᠩ ᠳᠠᠬᠢᠨᠲᠠ ᠲᠠᠢ᠌ᠨ᠎ᠳᠦ ᠮᠣᠷᠳᠠᠭᠰᠠᠨ ᠦᠯᠢᠭᠡᠷ᠎ᠢ ᠲᠤᠭᠯᠠᠵᠠᠢ᠃


QQ截图20230807151430.png


ᠲᠠᠭᠣᠯᠠᠯᠲᠣ ᠵᠦᠴᠦᠭᠡ 《ᠪᠣᠭᠣᠷᠣᠯ ᠬᠡᠦᠬᠡᠨ》

ᠲᠣᠮᠲᠠᠲᠣ ᠣᠯᠣᠰ᠎ᠤᠨ ᠲᠠᠭᠣᠣ ᠪᠦᠵᠢᠭ ᠵᠦᠴᠦᠭᠡ᠎ᠶᠢᠨ ᠬᠦᠷᠢᠶᠡᠯᠡᠩ ᠡᠴᠡ ᠲᠠᠭᠣᠯᠠᠯᠲᠣ ᠵᠦᠴᠦᠭᠡ 《ᠪᠣᠭᠣᠷᠣᠯ ᠬᠡᠦᠬᠡᠨ》 ᠢ᠋ ᠬᠦᠬᠡᠬᠣᠲᠠ᠎ᠶᠢᠨ ᠣᠯᠠᠭᠠᠨ ᠲᠢᠶᠠᠲ᠋ᠷ ᠲᠦ᠍ ᠲᠣᠬᠯᠠᠵᠦ᠂ ᠦᠵᠡᠭᠴᠢᠳ ᠲᠦ᠍ ᠣᠷᠠᠯᠢᠬ᠎ᠤᠨ ᠰᠣᠲᠣᠨ ᠪᠦᠲᠦᠭᠡᠯ᠎ᠢ ᠰᠣᠨᠢᠷᠬᠠᠭᠣᠯᠣᠬᠰᠠᠨ ᠪᠢᠯᠡ᠃ ᠪᠦᠵᠢᠭᠲᠦ ᠵᠦᠴᠦᠭᠡ ᠨᠢ ᠲᠡᠭᠡᠷ᠎ᠡ ᠵᠠᠭᠣᠨ᠎ᠤ ᠭᠣᠴᠢᠭᠠᠳ ᠤᠨ ᠶ᠋ᠢᠡᠷ ᠲᠡᠦᠬᠡᠨ ᠠᠬᠣᠢ ᠪᠣᠯᠭᠠᠵᠦ᠂ ᠶᠠᠲᠠᠭᠣ ᠲᠠᠷᠢᠶᠠᠴᠢᠨ ᠶᠠᠩ ᠪᠠᠢ ᠯᠣᠣ ᠬᠢᠭᠡᠳ ᠬᠠᠷᠬᠢᠰ ᠭᠠᠵᠠᠷ᠎ᠤᠨ ᠡᠵᠡᠨ ᠬᠣᠸᠠᠩ ᠱᠢ ᠿᠸᠨ᠎ᠤ ᠵᠦᠷᠢᠴᠡᠯ ᠮᠦᠷᠬᠦᠯᠲᠦᠭᠡᠨ ᠶ᠋ᠢᠡᠷ ᠦᠢᠯᠡ ᠶᠠᠪᠣᠲᠠᠯ᠎ᠶ᠋ᠢᠡᠨ ᠦᠷᠨᠢᠬᠦᠯᠵᠦ᠂ ᠣᠷᠣᠬᠣ ᠭᠡᠷ ᠣᠭᠣᠴᠢᠬᠣ ᠠᠶᠠᠭ᠎ᠠ ᠦᠭᠡᠢ ᠪᠣᠯᠬᠣ ᠳ᠋ᠠᠭᠠᠨ ᠠᠷᠭ᠎ᠠ ᠪᠣᠰᠣ ᠠᠭᠣᠯᠠᠨ ᠠᠭᠣᠢ ᠳ᠋ᠦ ᠨᠢᠭᠣᠨ ᠲᠠᠯᠲᠠᠯᠠᠵᠦ᠂ ᠭᠠᠰᠢᠭᠣᠨ ᠵᠤᠪᠠᠯᠠᠩ ᠤ᠋ᠨ ᠲᠣᠮᠲᠠ ᠲᠡᠯᠴᠢᠯᠡᠭᠰᠡᠭᠡᠷ ᠦᠰᠦ ᠭᠡᠵᠢᠭᠡ ᠨᠢ ᠪᠣᠭᠣᠷᠣᠯᠲᠣᠵᠦ ᠦᠯᠦ ᠲᠠᠨᠢᠬᠲᠠᠬᠣ ᠪᠣᠯᠣᠬᠰᠠᠨ ᠬᠦᠭᠡᠷᠦᠬᠦᠢ ᠬᠡᠦᠬᠡᠨ᠎ᠤ ᠵᠣᠪᠠᠯᠠᠩᠲᠣ ᠦᠩᠭᠡᠷᠡᠯᠲᠡ ᠪᠡᠷ 《ᠬᠠᠭᠣᠴᠢᠨ ᠨᠡᠢᠭᠡᠮ ᠬᠦᠮᠦᠨ᠎ᠢ ᠴᠢᠳᠬᠦᠷ ᠪᠣᠯᠭᠠᠬᠣ ᠳ᠋ᠦ ᠰᠢᠨ᠎ᠡ ᠨᠡᠢᠭᠡᠮ ᠴᠢᠳᠬᠦᠷ᠎ᠢ ᠬᠦᠮᠦᠨ ᠪᠣᠯᠭᠠᠬᠰᠠᠨ》 ᠭᠣᠣᠯ ᠠᠭᠣᠯᠭ᠎ᠠ ᠵᠢ ᠲᠡᠯᠭᠡᠨ ᠦᠵᠡᠬᠦᠯᠦᠭᠰᠡᠨ ᠪᠠᠢᠨ᠎ᠠ᠃

ᠬᠡᠳᠦᠨ ᠦᠶ᠎ᠡ᠎ᠶᠢᠨ ᠬᠦᠮᠦᠰ᠎ᠤᠨ ᠬᠠᠭᠣᠴᠢᠷᠠᠰᠢ ᠦᠭᠡᠢ ᠲᠣᠷᠠᠳᠬᠠᠯ ᠪᠣᠯᠣᠬᠰᠠᠨ ᠲᠠᠭᠣᠯᠠᠯᠲᠣ ᠵᠦᠴᠦᠭᠡ 《ᠪᠣᠭᠣᠷᠣᠯ ᠬᠡᠦᠬᠡᠨ》 ᠪᠣᠯ ᠲᠣᠮᠲᠠᠲᠣ ᠣᠯᠣᠰ᠎ᠤᠨ ᠬᠠᠮᠣᠬ ᠤ᠋ᠨ ᠠᠩᠬᠠᠨ᠎ᠤ ᠲᠠᠭᠣᠯᠠᠯᠲᠣ ᠵᠦᠴᠦᠭᠡ ᠪᠤᠯᠤᠨ᠎ᠠ᠃ ᠲᠡᠷᠡ ᠨᠢ ᠱᠠᠨ ᠰᠢ ᠴᠠᠬᠠᠷ ᠾᠸᠪᠸᠢ᠎ᠶᠢᠨ ᠠᠷᠠᠳ᠎ᠤᠨ ᠲᠣᠮᠲᠠ ᠣᠯᠠᠮᠵᠢᠯᠠᠬᠲᠠᠵᠦ ᠪᠠᠢᠬᠰᠠᠨ ᠦᠯᠢᠭᠡᠷ᠎ᠢ ᠦᠨᠳᠦᠰᠦᠯᠡᠵᠦ᠂ ᠶᠠᠨ ᠠᠨ᠎ᠤ ᠯᠦ᠍ ᠰᠢᠶᠦᠢ᠍ᠨ᠎ᠤ ᠣᠷᠠᠯᠢᠬ ᠣᠳᠬ᠎ᠠ ᠵᠣᠬᠢᠶᠠᠯ᠎ᠤᠨ ᠲᠡᠭᠡᠲᠦ ᠰᠣᠷᠭᠠᠭᠣᠯᠢ᠎ᠡᠴᠡ ᠵᠣᠬᠢᠶᠠᠨ ᠪᠦᠲᠦᠭᠡᠭᠰᠡᠨ ᠪᠦᠲᠦᠭᠡᠯ ᠪᠣᠯᠬᠣ ᠶᠣᠮ᠃ ᠴᠠᠬ ᠦᠶ᠎ᠡ᠎ᠶᠢᠨ ᠬᠦᠭᠵᠢᠯᠲᠡ᠎ᠶᠢ ᠲᠠᠭᠠᠯᠲᠣᠨ ᠲᠣᠰ ᠲᠠᠭᠣᠯᠠᠯᠲᠣ ᠵᠦᠴᠦᠭᠡ᠎ᠶᠢ ᠣᠯᠠᠨ ᠲᠠᠬᠢᠨ ᠵᠠᠰᠠᠪᠣᠷᠢᠯᠠᠨ ᠲᠣᠬᠯᠠᠬᠰᠠᠨ ᠪᠠᠢᠨ᠎ᠠ᠃


QQ截图20230807151450.png


ᠪᠡᠭᠡᠵᠢᠩ ᠰᠢ 《ᠰᠧ ᠯᠠᠩ ᠡᠬᠡ ᠪᠠᠨ ᠡᠷᠬᠢᠭᠰᠡᠨ ᠨᠢ》

ᠪᠡᠭᠡᠵᠢᠩ ᠰᠢ 《ᠰᠧ ᠯᠠᠩ ᠡᠬᠡ ᠪᠠᠨ ᠡᠷᠬᠢᠭᠰᠡᠨ ᠨᠢ》 ᠎ᠢ᠋ ᠪᠠᠰᠠ 《ᠬᠤᠢᠲᠦ ᠲᠡᠭᠷᠢ᠎ᠶᠢᠨ ᠬᠠᠭᠠᠯᠭ᠎ᠠ》᠂ 《ᠰᠧ ᠫᠠᠨ ᠱᠠᠨ ᠠᠭᠤᠯᠠ》᠂ 《ᠡᠵᠢ ᠪᠠᠨ ᠡᠷᠬᠢᠵᠦ ᠵᠠᠷᠯᠢᠭ᠎ᠢ ᠡᠬᠡᠬᠦᠯᠦᠭᠰᠡᠨ》 ᠬᠡᠬᠦ ᠵᠡᠷᠭᠡ ᠪᠡᠷ ᠨᠡᠷᠡᠯᠡᠳᠡᠭ᠃ ᠲᠤᠰ ᠵᠦᠴᠦᠭᠡ᠎ᠳᠦ᠂ ᠯᠢᠶᠣᠤ ᠤᠯᠤᠰ ᠰᠦᠩ ᠤᠯᠤᠰ᠎ᠤᠨ ᠳᠠᠢᠨ᠎ᠳᠦ᠂ ᠰᠦᠩ ᠤᠯᠤᠰ᠎ᠤᠨ ᠵᠠᠩᠵᠤᠨ ᠶᠠᠩ ᠰᠧ ᠯᠠᠩ (ᠶᠠᠨ ᠬᠤᠢ) ᠳᠠᠢᠰᠤᠨ᠎ᠳᠤ ᠣᠯᠵᠠᠯᠠᠭ᠍ᠳᠠᠵᠤ᠂ ᠨᠡᠷ᠎ᠡ᠎ᠪᠡᠨ ᠮᠥ᠍ ᠶᠢ ᠭᠡᠵᠦ᠍ ᠬᠠᠯᠠᠭᠠᠳ᠂ ᠯᠢᠶᠣᠤ ᠤᠯᠤᠰ᠎ᠤᠨ ᠲᠢᠶᠸ ᠵᠢᠩ ᠭᠦᠩᠵᠦ᠍᠎ᠲᠡᠶ ᠤᠷᠤᠭ᠍ᠯᠠᠵᠠᠶ᠃ ᠠᠷᠪᠠᠨ ᠲᠠᠪᠤᠨ ᠵᠢᠯ᠎ᠦᠨ ᠳᠠᠷᠠᠭ᠎ᠠ᠂ ᠶᠠᠩ ᠰᠧ ᠯᠠᠩ᠎ᠤᠨ ᠡᠬᠡ ᠱᠧ ᠲᠠᠢ ᠵᠢᠶᠦ᠋ᠨ ᠴᠡᠷᠢᠭ ᠳᠠᠢᠴᠢᠯᠠᠨ ᠶᠠᠨ ᠮᠧᠨ ᠭᠤᠸᠠᠨ ᠪᠣᠭᠣᠮᠲᠠ᠎ᠳᠤ ᠬᠦᠷᠴᠦ ᠴᠡᠷᠢᠭ ᠪᠠᠭᠤᠪᠠ᠃ ᠰᠧ ᠯᠠᠩ ᠡᠵᠢ ᠪᠠᠨ ᠲᠦᠢᠯ᠎ᠢᠶᠡᠷ ᠰᠠᠨᠠᠨ ᠮᠦᠷᠦᠭᠡᠳᠴᠦ ᠂ ᠡᠨᠡ ᠵᠠᠪᠱᠢᠶᠠᠨ᠎ᠢᠶᠠᠷ ᠡᠵᠢ᠎ᠪᠡᠨ ᠡᠷᠭᠢᠵᠦ᠍ ᠦᠵᠡᠶ᠎ᠡ ᠭᠡᠰᠡᠨ᠎ᠴᠦ ᠭᠦᠩᠵᠦ᠍ ᠱᠢᠶᠣᠤ ᠪᠣᠭ᠍ᠳᠠ ᠬᠠᠲᠤᠨ᠎ᠤ ᠵᠠᠷᠯᠢᠭ᠎ᠤᠨ ᠰᠤᠮᠤ᠎ᠶ᠋ᠢ ᠬᠤᠯᠠᠭᠠᠢᠯᠠᠵᠤ ᠠᠪᠴᠢᠷᠠᠭᠠᠳ᠂ ᠨᠦᠬᠦᠷ᠎ᠢᠶᠡᠨ ᠪᠣᠭᠣᠮᠲᠠ᠎ᠠᠴᠠ ᠭᠠᠷᠭᠠᠪᠠ᠃ ᠰᠧ ᠯᠠᠩ ᠨᠢᠭᠤᠴᠠ ᠪᠡᠷ ᠰᠦᠩ ᠤᠯᠤᠰ᠎ᠤᠨ ᠴᠡᠷᠢᠭ᠎ᠤᠨ ᠬᠤᠧᠠᠷᠠᠨ᠎ᠳᠦ ᠣᠴᠢᠵᠤ ᠡᠵᠢ᠎ᠪᠡᠨ ᠡᠷᠬᠢᠨ᠂ ᠮᠦᠨ ᠰᠥᠨᠢ᠎ᠳᠡᠭᠡᠨ ᠪᠤᠴᠠᠵᠠᠶ᠃ ᠰᠠᠨᠠᠭᠠᠨ᠎ᠡᠴᠡ ᠭᠠᠳᠠᠭᠤᠷ᠂ ᠡᠨᠡ ᠤᠴᠢᠷ᠎ᠢ ᠯᠢᠶᠤᠤ ᠤᠯᠤᠰ᠎ᠤᠨ ᠪᠣᠭ᠍ᠳᠠ ᠬᠠᠳᠤᠨ ᠣᠯᠵᠤ ᠮᠡᠳᠡᠭᠡᠳ ᠰᠧ ᠯᠠᠩ᠎ᠢ ᠪᠠᠷᠢᠵᠦ᠂ ᠴᠠᠭᠠᠵᠠᠯᠠᠬᠤ ᠪᠡᠷ ᠪᠤᠯᠪᠠ᠃ ᠲᠢᠶᠧ ᠵᠢᠩ ᠭᠦᠩᠵᠦ᠍ ᠪᠤᠯᠤᠨ ᠬᠣᠶᠠᠷ ᠤᠯᠤᠰ᠎ᠤᠨ ᠨᠠᠭᠠᠴᠤ ᠰᠧ ᠯᠠᠩ᠎ᠤᠨ ᠡᠮᠦᠨ᠎ᠡ ᠡᠴᠡ ᠥᠷᠥᠱᠢᠶᠡᠯ ᠭᠤᠶᠤᠭᠠᠳ ᠰᠧ ᠯᠠᠩ ᠰᠠᠶᠢ ᠠᠮᠢ ᠭᠠᠷᠴᠤ᠂ ᠬᠤᠢᠲᠦ ᠲᠡᠭᠷᠢ᠎ᠶᠢᠨ ᠬᠠᠭᠠᠯᠭ᠎ᠠ᠎ᠳ᠋ᠤ ᠲᠣᠮᠢᠯᠠᠭᠳᠠᠨ ᠬᠢᠯᠢ᠎ᠰᠠᠬᠢᠭᠰᠠᠨ ᠦᠯᠢᠭᠡᠷ᠎ᠢ ᠶᠠᠷᠢᠵᠠᠢ᠃


QQ截图20230807151459.png


ᠺᠦᠨᠱᠠᠨ ᠵᠦᠴᠦᠭᠡ 《ᠮᠠᠨᠳᠠᠷᠠᠸ᠎ᠠ ᠲᠢᠩᠰᠡ》

ᠺᠦᠨᠱᠠᠨ ᠵᠦᠴᠦᠭᠡ 《ᠮᠠᠨᠳᠠᠷᠠᠸ᠎ᠠ ᠲᠢᠩᠰᠡ》 (ᠤᠯᠠᠮᠵᠢᠯᠠᠯᠲᠤ ᠬᠡᠪᠯᠡᠯ) ᠨᠢ《ᠴᠡᠴᠡᠷᠯᠢᠭ ᠢ᠋ᠢᠡᠷ ᠵᠤᠭᠠᠴᠠᠭᠰᠠᠨ ᠨᠢ》᠂ 《ᠵᠡᠭᠦᠳᠦ ᠡᠴᠡ ᠪᠡᠨ ᠰᠤᠴᠢᠨ ᠰᠡᠷᠢᠭᠰᠡᠨ ᠨᠢ》᠂ 《ᠵᠢᠡᠭᠬᠢᠨᠢ ᠵᠢᠷᠤᠭᠯᠠᠯ》᠂ 《ᠬᠦᠮᠦᠨ ᠤ᠋ ᠶᠢᠷᠳᠢᠨᠴᠦ ᠡᠴᠡ ᠠᠶᠠᠷᠯᠠᠭᠰᠠᠨ ᠨᠢ》 ᠵᠡᠷᠭᠡ ᠠᠭᠤᠯᠭ᠎ᠠ ᠪᠡᠷ ᠰᠢᠵᠢᠮᠯᠡᠵᠤ᠂ ᠳ᠋ᠦ᠋ ᠯᠢ ᠨᠢᠶᠠᠩ ᠤ᠋ᠨ ᠲᠠᠢᠯᠠᠭᠳᠠᠬᠤᠶ᠎ᠠ ᠪᠡᠷᠬᠡ ᠰᠡᠳᠭᠢᠯ ᠤ᠋ᠨ ᠭᠤᠨᠢᠭ ᠡᠴᠡ ᠪᠤᠯᠵᠤ ᠭᠠᠡᠭᠰᠠᠷᠠᠭᠰᠠᠭᠠᠷ ᠪᠠᠢᠵᠦ ᠨᠠᠰᠤ ᠪᠠᠷᠠᠭᠰᠠᠨ ᠦᠯᠢᠭᠡᠷ ᠢ᠋ ᠦᠭᠦᠯᠡᠨ᠂ ᠵᠡᠭᠦᠳᠦ ᠵᠡᠷᠭᠡᠯᠭᠡᠨ ᠪᠣᠯᠤᠨ ᠪᠣᠳᠠᠲᠤ ᠠᠬᠤᠶ ᠢ᠋ᠢ ᠰᠤᠯᠪᠢᠴᠠᠭᠤᠯᠵᠤ ᠂ ᠰᠡᠳᠭᠢᠯᠭᠡ ᠪᠠ ᠶᠤᠰᠤ ᠰᠤᠷᠲᠠᠬᠤᠨ ᠤ᠋ ᠬᠣᠭᠣᠷᠣᠨᠳᠣᠬᠢ ᠵᠥᠷᠢᠴᠡᠯ ᠮᠥᠷᠭᠥᠯᠳᠦᠭᠡᠨ ᠢ᠋ ᠠᠮᠢᠳᠤᠯᠢᠭ ᠢᠯᠡᠷᠡᠭᠦᠯᠤᠨ᠂ ᠵᠣᠬᠢᠶᠠᠯ ᠤ᠋ᠨ ᠪᠠᠭᠠᠲᠤᠷ ᠤ᠋ᠨ ᠭᠤᠨᠢᠭ᠍ᠲᠤ ᠱᠢᠨᠵᠢ ᠶ᠋ᠢ ᠲᠠᠬᠡᠳᠤ ᠬᠡᠮᠵᠢᠶ᠎ᠠ ᠪᠡᠷ ᠭᠦᠨᠵᠡᠭᠡᠢᠷᠡᠭᠦᠯᠵᠤ᠂ ᠦᠵᠡᠭᠴᠢᠳ ᠲᠤ᠌ ᠬᠢᠵᠠᠭᠠᠯᠠᠰᠢ ᠦᠭᠡᠢ ᠬᠣᠯᠪᠣᠨ ᠪᠤᠳᠤᠯᠳᠠ ᠦᠯᠡᠳᠡᠬᠡᠭᠰᠡᠨ ᠪᠠᠢᠨ᠎ᠠ᠃ ᠺᠦᠨᠱᠠᠨ ᠵᠦᠴᠦᠭᠡ 《ᠮᠠᠨᠳᠠᠷᠠᠸ᠎ᠠ ᠲᠢᠩᠰᠡ》 ᠪᠣᠯ ᠳᠤᠮᠳᠠᠳᠤ ᠤᠯᠤᠰ ᠤ᠋ᠨ ᠲᠦᠷᠦᠭᠦᠤ ᠪᠦᠯᠦᠭ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠰᠣᠩᠭᠣᠳᠠᠭ ᠪᠦᠲᠦᠭᠡᠯ ᠪᠠᠢᠵᠤ᠂ ᠮᠢᠩ ᠤᠯᠤᠰ ᠤ᠋ᠨ ᠦᠶ᠎ᠠ ᠡᠴᠡ ᠣᠳᠣᠬᠠᠨ ᠪᠤᠯᠳᠠᠯ᠎ᠠ ᠤᠯᠠᠮᠵᠢᠯᠠᠭᠳᠠᠭᠰᠠᠭᠠᠷ ᠢᠷᠡᠭᠰᠡᠨ ᠥᠨᠢᠳᠡ ᠬᠤᠪᠢᠷᠠᠰᠢ ᠦᠭᠡᠶ ᠦᠨ᠎ᠡ ᠴᠡᠨ᠎ᠠ ᠲᠠᠢ ᠤᠷᠠᠯᠢᠭ ᠤ᠋ᠨ ᠤᠬᠢ ᠰᠤᠳᠤᠨ ᠪᠦᠲᠦᠭᠡᠯ ᠪᠤᠯᠤᠨ᠎ᠠ᠃ ᠤᠯᠠᠮᠵᠢᠯᠠᠯ ᠤ᠋ᠨ ᠠᠳᠠᠯᠢ ᠪᠤᠰᠤ ᠡᠴᠡ ᠪᠣᠯᠵᠤ ᠤᠷᠠᠯᠢᠭ ᠤ᠋ᠨ ᠬᠦᠷᠢᠶᠡᠯᠡᠩ ᠪᠦᠯᠬᠦᠮ ᠪᠤᠯᠭᠠᠨ᠎ᠦ ᠲᠤᠭᠯᠠᠯᠲᠠ ᠨᠢ ᠴᠤ᠌ ᠦᠪᠡᠷ ᠦᠪᠡᠷ ᠤ᠋ᠨ ᠵᠢᠡᠨ ᠣᠨᠴᠠᠯᠢᠭ ᠲᠠᠢ ᠪᠤᠯᠵᠠᠢ᠃ 《ᠮᠠᠨᠳᠠᠷᠠᠸ᠎ᠠ ᠲᠢᠩᠰᠡ》 ᠨᠢ ᠺᠦᠨᠱᠠᠨ ᠵᠦᠴᠦᠭᠡ ᠢ᠋ᠢᠨ ᠤᠷᠠᠯᠢᠭ ᠤ᠋ᠨ ᠭᠤᠤ᠎ᠠ ᠰᠠᠢᠬᠠᠨ᠂ ᠳᠠᠭᠤᠤ ᠬᠥᠭ᠌ᠵᠢᠮ ᠤ᠋ᠨ ᠭᠤᠤ᠎ᠠ ᠰᠠᠢᠬᠠᠨ᠂ ᠪᠡᠶ᠎ᠡ ᠭᠠᠯᠪᠢᠷ ᠤ᠋ᠨ ᠭᠤᠤ᠎ᠠ ᠰᠠᠢᠬᠠᠨ᠂ ᠰᠠᠨᠠᠭ᠎ᠠ ᠠᠬᠤᠶ ᠢ᠋ᠢᠨ ᠭᠤᠤ᠎ᠠ ᠰᠠᠢᠬᠠᠨ ᠢ᠋ ᠢᠯᠡᠷᠡᠭᠦᠯᠵᠤ᠂ ᠡᠴᠢᠨ᠎ᠡ ᠭᠦᠨ ᠬᠠᠢᠷ᠎ᠠ ᠰᠡᠳᠭᠢᠯᠭᠡ ᠢ᠋ᠢ ᠬᠠᠷᠠᠭᠤᠯᠤᠵᠠᠢ᠃


QQ截图20230807151514.png


ᠶᠠᠷᠢᠶᠠᠲᠤ ᠵᠦᠴᠦᠭᠡ 《ᠺᠤᠫᠸᠨ᠋ᠬᠠᠭ᠌ᠸᠨ》

ᠳᠤᠮᠳᠠᠳᠤ ᠤᠯᠤᠰ ᠤ᠋ᠨ ᠤᠯᠤᠰ ᠤ᠋ᠨ ᠶᠠᠷᠢᠶᠠᠲᠤ ᠵᠦᠴᠦᠭᠡ ᠶ᠋ᠢᠨ ᠬᠦᠷᠢᠶᠡᠯᠡᠩ᠎ᠤᠨ ᠲᠤᠬᠯᠠᠬᠴᠢᠳ᠎ᠤᠨ ᠲᠤᠭᠯᠠᠭᠰᠠᠨ ᠶᠠᠷᠢᠶᠠᠲᠤ ᠵᠦᠴᠦᠭᠡ 《ᠺᠤᠫᠸᠨ᠋ᠬᠠᠭ᠌ᠸᠨ》 ᠪᠤᠯ ᠬᠠᠢᠰᠸᠠᠪᠦ᠋ᠷᠡᠭ᠌᠂ ᠪᠥᠸᠸᠯ ᠵᠢᠴᠢ ᠲᠡᠭᠦᠨ ᠤ᠋ ᠬᠡᠷᠬᠡᠢ ᠮᠠᠭ᠌ᠸᠯᠢᠲᠸ ᠭᠤᠷᠪᠠᠭᠤᠯᠠ ᠶ᠋ᠢᠨ ᠶᠠᠷᠢᠯᠴᠠᠭ᠎ᠠ ᠪᠡᠷ ᠳᠠᠮᠵᠢᠨ 1941 ᠤᠨ ᠤ᠋ ᠺᠤᠫᠸᠨ᠋ᠬᠠᠭ᠌ᠸᠨ ᠳ᠋ᠡᠬᠢ ᠠᠭᠤᠯᠵᠠᠯᠲᠠ ᠶ᠋ᠢᠨ ᠨᠢᠭᠤᠴᠠ ᠵᠢ ᠲᠠᠢᠯᠬᠤ ᠵᠢ ᠵᠤᠷᠢᠪᠠ᠃ ᠵᠦᠴᠦᠭᠡ ᠶ᠋ᠢᠨ ᠲᠠᠢᠰᠠᠨ ᠳ᠋ᠤ ᠭᠤᠷᠪᠠᠨ ᠰᠠᠨᠳᠠᠯᠢ᠂ ᠬᠣᠶᠠᠷ ᠡᠭᠦᠳᠡ᠂ ᠭᠤᠷᠪᠠᠬᠠᠨ ᠲᠣᠭ᠍ᠯᠠᠭ᠍ᠴᠢ ᠲᠠᠢ ᠪᠠᠢᠵᠤ᠂ ᠲᠡᠳᠡ 《ᠬᠠᠢ᠌ᠰᠸᠪᠦ᠋ᠷᠡᠭ ᠶᠠᠭᠤᠨ ᠳ᠋ᠦ ᠢᠷᠡᠭ᠌ᠰᠡᠨ ᠪᠤᠢ》 ᠭᠡᠬᠦ᠌ ᠰᠡᠳᠦᠪ ᠤ᠋ᠨ ᠲᠣᠭᠣᠷᠢᠨ ᠳ᠋ᠤ ᠲᠤᠬᠠᠢ ᠶ᠋ᠢᠨ ᠡᠳᠦᠷ᠎ᠦᠨ 10 ᠮᠢᠨᠦ᠋ᠲ ᠤ᠋ᠨ ᠨᠢᠭᠤᠴᠠ ᠶᠠᠷᠢᠯᠴᠠᠭᠠᠨ ᠤ᠋ ᠪᠠᠢᠳᠠᠯ ᠢ᠋ ᠲᠠᠬᠢᠨ ᠳᠠᠪᠲᠠᠨ ᠢᠯᠡᠷᠡᠭᠦᠯᠵᠦ᠍᠂ ᠲᠤᠰ ᠲᠤᠰ ᠤ᠋ᠨ ᠬᠠᠷᠠᠭᠠᠰᠤ ᠪᠠ ᠵᠣᠭ᠍ᠰᠣᠯᠲᠠ ᠪᠠᠨ ᠢᠯᠡᠳᠭᠡᠨ ᠵᠠᠳᠠᠯᠵᠤ ᠤᠬᠤᠴᠢᠯᠠᠭᠰᠠᠨ ᠪᠣᠯᠪᠠᠴᠤ᠌ ᠡᠴᠦᠰ ᠲᠡᠬᠡᠨ ᠮᠦᠨ ᠬᠦ᠌ ᠪᠦᠳᠦᠮᠵᠢᠳᠠᠢ ᠬᠠᠷᠢᠭᠤᠯᠲᠠ ᠤᠯᠵᠤ ᠴᠢᠳᠠᠭ᠍ᠰᠠᠨ ᠦᠭᠡᠢ᠂ ᠬᠠᠷᠢᠨ ᠰᠦᠭ ᠰᠦᠨᠡᠰᠤ ᠪᠠ ᠬᠦᠮᠦᠨᠴᠢ ᠴᠢᠨᠠᠷ ᠤ᠋ᠨ ᠲᠤᠬᠠᠢ ᠭᠦᠨᠵᠡᠭᠡᠢ ᠵᠡᠳᠡᠯᠤᠯᠳᠠ ᠬᠢᠪᠡ᠃ ᠢᠩᠬᠢᠬᠡᠳ ᠲᠤᠰ ᠵᠦᠴᠦᠭᠡ ᠨᠢ ᠱᠢᠨᠵᠢᠯᠡᠬᠦ᠌ ᠤᠬᠠᠭᠠᠨ ᠡᠰᠢ ᠶᠤᠰᠤᠨ ᠤ᠋ ᠲᠤᠬᠠᠢ ᠪᠤᠳᠤᠯᠬᠢᠯᠠᠯ᠂ ᠬᠥᠮᠦᠨ ᠠᠷᠠᠳ ᠤ᠋ᠨ ᠲᠤᠬᠠᠢ ᠬᠠᠯᠠᠮᠵᠢᠯᠠᠯ᠂ ᠬᠦᠮᠦᠨ ᠨᠡᠢᠬᠡᠮ ᠤ᠋ᠨ ᠵᠣᠷᠢᠭ ᠰᠠᠨᠠᠭᠠᠨ ᠤ᠋ ᠲᠤᠬᠠᠢ ᠪᠠᠷᠢᠮᠲᠠᠯᠠᠯ ᠢ᠋ ᠢᠯᠡᠷᠡᠬᠦᠯᠵᠦ᠂ ᠬᠠᠢ᠌ᠰᠸᠪᠦ᠋ᠷᠡᠭ ᠤ᠋ᠨ ᠡᠬᠡ ᠤᠷᠤᠨᠴᠢ᠂ ᠠᠷᠠᠳ ᠲᠦᠮᠡᠨᠴᠢ ᠬᠠᠢᠷ᠎ᠠ ᠰᠡᠳᠬᠢᠯᠬᠡ ᠵᠢ ᠦᠵᠡᠭᠴᠢ ᠤᠯᠠᠨ ᠳ᠋ᠤ ᠤᠷᠠᠯᠢᠭ ᠵᠢᠡᠷ ᠲᠠᠮᠵᠢᠨ ᠢᠯᠡᠷᠡᠬᠦᠯᠵᠦ᠂ ᠬᠦᠮᠦᠨ ᠪᠦᠬᠦᠨ ᠡᠩᠬᠡ ᠳᠠᠢᠪᠤᠩ᠂ ᠵᠤᠯ ᠵᠢᠷᠭᠠᠯᠳᠦ ᠠᠮᠢᠳᠤᠷᠠᠯ᠎ᠢ ᠬᠦᠰᠡᠨ ᠬᠦᠭᠡᠭᠡᠴᠡᠯᠳᠦᠳᠡᠭ ᠤᠨᠴᠠᠯᠢᠭ᠎ᠢ ᠬᠠᠷᠠᠭᠤᠯᠵᠠᠢ᠃


QQ截图20230807151524.png


ᠾᠸᠨᠠᠨ ᠵᠦᠴᠦᠭᠡ 《 ᠴᠸᠩ ᠶᠢᠩ ᠦᠨᠦᠴᠢᠨ ᠬᠡᠦᠬᠡᠳ᠎ᠢ ᠠᠪᠣᠷᠠᠬᠰᠠᠨ》

ᠦᠨᠦᠴᠢᠨ ᠬᠡᠦᠬᠡᠳ ᠢ᠋ ᠠᠪᠣᠷᠠᠬᠰᠠᠨ ᠲᠦᠭᠰᠢᠬᠦᠷᠢ᠂ ᠦᠰᠭᠡᠵᠦ ᠬᠦᠮᠦᠵᠢᠬᠦᠯᠦᠭᠰᠡᠨ ᠵᠦᠲᠡᠬᠦᠷᠢ᠂ ᠦᠷ᠎ᠡ ᠪᠠᠨ ᠠᠯᠲᠠᠬᠰᠠᠨ ᠡᠮᠭᠡᠨᠢᠯ᠂ ᠬᠠᠨᠢ ᠡᠴᠡ ᠪᠠᠨ ᠬᠠᠭᠠᠴᠠᠬᠰᠠᠨ ᠵᠣᠪᠠᠨᠢᠯ ᠪᠣᠯᠣᠨ 16 ᠵᠢᠯ ᠤ᠋ᠨ ᠪᠡᠶ᠎ᠡ ᠰᠡᠳᠬᠢᠯ ᠤ᠋ᠨ ᠲᠠᠷᠴᠢᠯᠠᠭᠠᠯ ᠁ ᠦᠵᠡᠭᠴᠢᠳ ᠡᠨᠡ ᠬᠦ᠌ ᠬᠦᠮᠦᠨ ᠴᠢᠨᠠᠷ ᠤ᠋ᠨ ᠬᠢᠯᠪᠠᠭ᠎ᠠ ᠵᠢ ᠢᠯᠡᠷᠡᠬᠦᠯᠵᠦ᠂ ᠡᠷᠬᠡ ᠰᠦᠷ ᠡᠴᠡ ᠡᠮᠢᠶᠡᠬᠦ ᠦᠭᠡᠢ᠂ ᠦᠨᠡᠨ ᠶᠣᠰᠣ ᠵᠢ ᠬᠠᠮᠠᠭᠠᠯᠠᠬᠣ ᠠᠭᠣᠣ ᠶᠡᠬᠡ ᠦᠨᠳᠦᠰᠦᠲᠡᠨ ᠤ᠋ ᠵᠣᠷᠢᠬ ᠰᠠᠨᠠᠭ᠎ᠠ ᠵᠢ ᠲᠣᠰᠬᠠᠬᠰᠠᠨ ᠾᠸᠨᠠᠨ ᠵᠦᠴᠦᠬᠡ ᠵᠢ ᠨᠠᠮ ᠰᠤᠨᠢᠷᠬᠠᠵᠤ᠂ ᠵᠦᠴᠦᠬᠡ ᠵᠢᠨ ᠭᠤᠤᠯ ᠪᠠᠭᠠᠳᠤᠷ ᠴᠸᠩ ᠶᠢᠩ ᠤ᠋ᠨ ᠦᠢᠯᠡ ᠤᠴᠠᠷᠠᠯ ᠳ᠋ᠤ ᠰᠡᠳᠬᠢᠯ ᠡᠪᠬᠡᠷᠡᠬᠦ ᠵᠢᠨ ᠬᠠᠮᠳᠤ ᠡᠷᠴᠢ ᠵᠤᠷᠢᠭ ᠲᠤᠨᠢ ᠡᠷᠡᠬᠡᠢ ᠭᠠᠷᠭᠠᠨ ᠬᠦᠨᠳᠤᠳᠬᠡᠯ ᠲᠡᠪᠰᠢᠬᠦᠯᠦᠨ᠎ᠠ᠃

ᠾᠸᠨᠠᠨ ᠮᠣᠵᠢ ᠵᠢᠨ ᠾᠸᠨᠠᠨ ᠵᠦᠴᠦᠭᠡ ᠵᠢᠨ ᠬᠦᠷᠢᠶᠡᠯᠡᠩ ᠤ᠋ᠨ ᠬᠣᠶᠠᠲᠣᠭᠠᠷ ᠪᠦᠯᠬᠦᠮ ᠡᠴᠡ ᠲᠤᠬᠯᠠᠬᠰᠠᠨ 《ᠴᠸᠩ ᠶᠢᠩ ᠦᠨᠦᠴᠢᠨ ᠬᠡᠦᠬᠡᠳ ᠢ᠋ ᠠᠪᠣᠷᠠᠬᠰᠠᠨ ᠨᠢ》 ᠭᠡᠬᠦ ᠵᠦᠴᠦᠭᠡ ᠪᠤᠯ ᠬᠤᠷᠢᠳᠤᠭᠠᠷ ᠬᠤᠭᠤᠴᠠᠭᠠᠨ ᠤ᠋ ᠲᠣᠮᠲᠠᠲᠣ ᠣᠯᠣᠰ·ᠦᠪᠦᠷ ᠮᠣᠩᠭᠣᠯ ᠤ᠋ᠨ ᠲᠠᠯ᠎ᠠ ᠨᠣᠲᠣᠬ ᠤ᠋ᠨ ᠰᠣᠶᠣᠯ ᠤ᠋ᠨ ᠨᠠᠢᠷ ᠲᠦ᠍ ᠤᠨᠴᠠ ᠤᠷᠢᠭᠰᠠᠨ ᠲᠤᠭᠯᠠᠯᠳᠠ ᠵᠢᠨ ᠨᠢᠬᠡ ᠪᠤᠯᠤᠨ᠎ᠠ᠃ ᠵᠦᠴᠦᠭᠡ ᠨᠢ ᠴᠦᠨ ᠴᠢᠦ ᠪᠠᠢᠯᠲᠣᠭᠠᠨᠲᠣ ᠣᠯᠣᠰ ᠤ᠋ᠨ ᠦᠶ᠎ᠡ ᠳ᠋ᠦ ᠵᠣᠣ ᠣᠯᠣᠰ ᠤ᠋ᠨ ᠰᠢᠲᠣᠷᠭᠣ ᠰᠠᠢᠳ ᠵᠣᠣ ᠳ᠋ᠦ᠍ᠢ᠍ᠨ ᠤ᠋ ᠨᠢᠭᠡ ᠭᠡᠷ ᠤ᠋ᠨ 300 ᠭᠠᠷᠣᠢ ᠬᠦᠮᠦᠨ ᠵᠠᠯᠢᠬᠠᠢ ᠲᠦᠰᠢᠮᠡᠯ ᠲᠦ ᠠᠨ ᠵᠢᠶᠸ ᠳ᠋ᠦ ᠬᠣᠣᠷᠯᠠᠬᠲᠠᠭᠰᠠᠨ ᠶ᠋ᠢᠡᠷ ᠡᠬᠢᠯᠡᠯᠲᠡ ᠪᠣᠯᠭᠠᠵᠦ᠂ ᠵᠣᠣ ᠣᠪᠣᠬᠲᠣ ᠵᠢᠨ ᠦᠨᠦᠴᠢᠨ ᠬᠡᠦᠬᠡᠳ ᠤ᠋ᠳ ᠤ᠋ᠨ ᠦᠬᠦᠵᠦ ᠰᠡᠭᠡᠬᠦ ᠲᠠᠪᠠᠭᠠᠨ ᠲᠠᠬᠡᠷ᠎ᠠ ᠴᠸᠩ ᠶᠢᠩ ᠵᠡᠷᠭᠡ ᠬᠦᠮᠦᠰ ᠵᠣᠷᠢᠬᠲᠠᠢ ᠪᠡᠷ ᠠᠶᠣᠯ ᠢ᠋ ᠰᠦᠷᠦᠨ ᠲᠦ ᠠᠨ ᠵᠢᠶᠸ ᠯᠤᠭᠡ ᠰᠢᠲᠣᠷᠭᠣ ᠬᠢᠭᠡᠳ ᠵᠠᠯᠢᠬᠠᠢ᠂ ᠦᠨᠡᠨ ᠪᠣᠯᠣᠨ ᠭᠠᠵᠢᠭᠣ ᠵᠢᠨ ᠲᠡᠮᠡᠴᠡᠯᠲᠦᠭᠡᠨ ᠦᠷᠨᠢᠬᠦᠯᠦᠭᠰᠡᠨ ᠦᠯᠢᠭᠡᠷ ᠢ᠋ ᠶᠠᠷᠢᠵᠠᠢ᠃


QQ截图20230807151534.png


ᠪᠦᠵᠢᠭᠳᠦ ᠵᠦᠴᠦᠭᠡ 《 ᠬᠦᠬᠡ ᠳᠡᠪᠡᠯᠳᠡᠨ》

ᠵᠦᠴᠦᠭᠡ ᠳ᠋ᠤ ᠱᠢᠶᠣᠤ ᠶᠠᠨ ᠴᠢᠦ ᠬᠤᠷᠢᠨ ᠬᠡᠳᠦᠨ ᠵᠢᠯ ᠤ᠋ᠨ ᠡᠮᠦᠨ᠎ᠡ ᠴᠠᠩ ᠡᠧ ᠵᠢ ᠲᠤᠭᠯᠠᠭᠠᠳ ᠨᠢᠭᠡᠨ ᠦᠶ᠎ᠡ ᠨᠡᠷ᠎ᠡ ᠠᠯᠳᠠᠷ ᠶᠡᠬᠡ ᠪᠡᠷ ᠮᠠᠨᠳᠤᠭᠰᠠᠨ ᠪᠤᠯᠪᠠᠴᠦ ᠨᠤᠮ᠎ᠤᠨ ᠬᠠᠨᠢᠳᠠᠳ᠎ᠲᠠᠢ ᠪᠠᠨ ᠮᠠᠭᠤᠴᠠᠯᠳᠠᠵᠦ᠂ ᠵᠢᠮᠡᠯᠡᠯ ᠪᠤᠷᠤᠭᠤᠰᠢᠶᠠᠯ ᠳ᠋ᠤ ᠤᠴᠠᠷᠠᠵᠤ᠂ ᠤᠷᠠᠯᠢᠭ ᠤ᠋ᠨ ᠦᠢᠯᠡᠰ ᠲᠡᠭᠡᠨ ᠠᠮᠵᠢᠯᠳᠠ ᠪᠦᠳᠦᠮᠵᠢ ᠭᠠᠷᠭᠠᠬᠤ ᠱᠢᠵᠢᠷ ᠠᠯᠳᠠᠨ ᠴᠠᠭ ᠦᠶ᠎ᠡ ᠳ᠋ᠤ ᠵᠦᠴᠦᠭᠡ ᠵᠢᠨ ᠪᠦᠯᠬᠦᠮ ᠡᠴᠡ ᠪᠠᠨ ᠬᠦᠭᠡᠭᠡᠭᠳᠡᠵᠦ᠂ ᠠᠷᠭ᠎ᠠ ᠪᠤᠰᠤ ᠰᠢ ᠵᠦᠴᠦᠭᠡ ᠵᠢᠨ ᠰᠤᠷᠭᠠᠭᠤᠯᠢ ᠳ᠋ᠤ ᠬᠦᠷᠴᠦ ᠪᠠᠭᠰᠢᠯᠠᠪᠠ᠃ ᠡᠬᠦᠨ ᠤ᠋ ᠲᠠᠬᠡᠷ᠎ᠠ ᠠᠮᠢᠳᠤᠷᠠᠯ ᠨᠢ ᠪᠠᠰᠠ ᠨᠤᠭᠤᠷᠠᠯ ᠪᠦᠳᠦᠷᠢᠯ ᠳ᠋ᠤ ᠤᠴᠠᠷᠠᠵᠦ᠂ ᠭᠤᠨᠢᠵᠦ ᠭᠤᠳᠤᠷᠠᠬᠤ ᠵᠢᠨ ᠲᠤᠢᠯ ᠳ᠋ᠤ ᠲᠤᠯᠤᠭᠰᠠᠨ ᠲᠡᠷᠡ ᠪᠡᠷ ᠳᠠᠷᠤᠤ ᠨᠣᠮᠣᠬᠠᠨ ᠵᠠᠮ ᠬᠠᠷᠢᠯᠴᠠᠭᠠᠨ ᠤ᠋ ᠴᠠᠭ᠍ᠳᠠᠭ᠎ᠠ ᠮᠢᠶᠠᠨ ᠭᠤᠧᠠ ᠲᠠᠢ ᠳᠠᠨᠢᠯᠴᠠᠨ ᠬᠤᠷᠢᠮᠯᠠᠵᠦ᠂ ᠡᠬᠡᠯ ᠬᠦᠮᠦᠨ ᠤ᠋ ᠠᠮᠢᠳᠤᠷᠠᠯ ᠢ᠋᠎ᠡᠬᠢᠯᠡᠬᠦᠯᠦᠭᠰᠡᠨ ᠪᠠᠢᠨ᠎ᠠ᠃ ᠴᠠᠭ ᠦᠶ᠎ᠡ ᠤᠯᠠᠷᠢᠨ ᠬᠤᠪᠢᠷᠠᠵᠤ᠂ ᠲᠡᠬᠦᠨ ᠤ᠋ ᠬᠦᠮᠦᠵᠢᠬᠦᠯᠦᠭᠰᠡᠨ ᠰᠤᠷᠤᠭ᠍ᠴᠢ ᠴᠦᠨ ᠯᠠᠢ ᠨᠢ ᠱᠢᠶᠣᠤ ᠶᠠᠨ ᠴᠢᠦ ᠵᠢᠨ ᠤᠯᠠᠨ ᠵᠢᠯ ᠤ᠋ᠨ ᠤᠷᠠᠯᠢᠭ ᠤ᠋ᠨ ᠬᠦᠰᠡᠯ ᠮᠦᠷᠦᠭᠡᠳᠦᠯ ᠢ᠋ ᠲᠦᠷᠡᠯᠵᠡᠬᠦᠯᠵᠦ᠂ ᠳᠠᠬᠢᠨ ᠨᠢᠭᠡ ᠤᠳᠠᠭ᠎ᠠ ᠳᠠᠢᠰᠠᠨ ᠳ᠋ᠤ ᠭᠠᠷᠴᠤ᠌ ᠠᠪᠢᠶᠠᠰ ᠴᠢᠳᠠᠪᠤᠷᠢ ᠪᠠᠨ ᠪᠠᠳᠠᠷᠠᠭᠤᠯᠬᠤ ᠶ᠋ᠢ ᠬᠦᠰᠡᠪᠡ᠂ ᠭᠡᠲᠡᠯ᠎ᠡ ᠰᠠᠨᠠᠭᠠᠨ ᠡᠴᠡ ᠭᠠᠳᠠᠭᠤᠷ ᠲᠤᠭᠯᠠᠯᠳᠠ ᠵᠢ ᠢᠪᠡᠭᠡᠨ ᠳᠡᠳᠬᠦᠭᠰᠡᠨ ᠵᠠᠬᠢᠷᠤᠯ ᠤ᠋ᠨ ᠰᠠᠨᠠᠭ᠎ᠠ ᠪᠡᠷ ᠰᠤᠷᠤᠭᠴᠢ ᠴᠦᠨ ᠯᠠᠢ ᠨᠢ ᠴᠠᠩ ᠡᠧ ᠵᠢ ᠲᠤᠭᠯᠠᠵᠦ᠂ ᠱᠢᠶᠣᠤ ᠶᠠᠨ ᠴᠢᠦ᠍ ᠶ᠋ᠢᠨ ᠡᠴᠦᠰ ᠤ᠋ᠨ ᠬᠦᠰᠡᠯ ᠬᠦᠭᠡᠰᠦ ᠪᠤᠯᠵᠤ ᠵᠠᠮᠬᠠᠷᠠᠭᠰᠠᠨ ᠭᠤᠨᠢᠭᠳᠦ ᠦᠯᠢᠭᠡᠷ ᠢ᠋ ᠵᠦᠴᠦᠭᠡᠯᠡᠵᠡᠢ᠃《ᠬᠦᠬᠡ ᠳᠡᠪᠡᠯᠳᠡᠨ》 ᠪᠤᠯ ᠵᠤᠬᠢᠶᠠᠯᠴᠢ ᠪᠢ ᠹᠧᠢ ᠢᠥᠢ ᠵᠢᠨ ᠦᠬᠦᠯᠡᠯᠬᠡ ᠵᠢ ᠦᠭᠡᠷᠡᠴᠢᠯᠡᠨ ᠪᠦᠳᠦᠭᠡᠭᠰᠡᠨ ᠪᠦᠵᠢᠭᠳᠦ ᠵᠦᠴᠦᠭᠡ ᠪᠠᠢᠵᠤ᠂ ᠤᠳᠤ ᠦᠶ᠎ᠡ ᠵᠢᠨ ᠬᠡᠪ ᠮᠠᠶᠢᠭ ᠵᠢᠡᠷ ᠢᠯᠡᠷᠡᠬᠦᠯᠦᠭᠰᠡᠨ ᠪᠦᠳᠦᠭᠡᠯ ᠪᠤᠯᠪᠠᠴᠦ ᠪᠦᠵᠢᠭ᠂ ᠰᠢ ᠵᠦᠴᠦᠭᠡ᠂ ᠳᠠᠭᠤᠤ ᠬᠦᠭᠵᠢᠮ᠂ ᠭᠤᠤᠯ ᠪᠠᠭᠠᠳᠤᠷ ᠤ᠋ᠨ ᠰᠡᠳᠬᠢᠯ ᠤ᠋ᠨ ᠬᠦᠳᠡᠯᠭᠡᠭᠡᠨ ᠤ᠋ ᠢᠯᠡᠷᠡᠬᠦᠯᠦᠯ ᠵᠡᠷᠭᠡ ᠤᠯᠠᠮᠵᠢᠯᠠᠯᠳᠦ ᠬᠦᠴᠦᠨ ᠵᠦᠢᠯ ᠢ᠋ ᠠᠮᠢᠳᠤᠯᠢᠭ ᠵᠢᠡᠷ ᠠᠭᠤᠰᠬᠠᠪᠠ᠃ ᠲᠤᠰ ᠵᠦᠴᠦᠬᠡ ᠵᠢ 2015 ᠤᠨ ᠤ᠋ 10 ᠰᠠᠷ᠎ᠠ ᠳ᠋ᠤ ᠤᠯᠤᠰ ᠤ᠋ᠨ ᠶᠡᠬᠡ ᠲᠢᠶᠠᠲᠷ ᠲᠦ᠍ ᠠᠩᠬ᠎ᠠ ᠲᠤᠭᠯᠠᠵᠦ᠂ ᠬᠠᠩᠭᠠᠷᠢ᠂ ᠢᠰᠷᠧᠯ᠂ ᠨᠤᠷᠧᠠᠢ ᠵᠡᠷᠭᠡ ᠤᠯᠠᠨ ᠤᠯᠤᠰ ᠤᠷᠤᠨ ᠵᠢᠡᠷ ᠲᠤᠭᠯᠠᠵᠦ ᠶᠠᠪᠤᠵᠠᠢ᠃


QQ截图20230807151609.png


ᠨᠠᠢᠷᠠᠯ ᠬᠦᠭᠵᠢᠮ

《ᠲᠤᠮᠳᠠᠳᠦ ᠭᠠᠳᠠᠭᠠᠳᠦ ᠵᠢᠨ ᠰᠤᠩᠭᠤᠳᠠᠭ ᠬᠦᠭᠵᠢᠮ ᠤ᠋ᠨ ᠴᠤᠭᠯᠠᠭᠠᠨ》 ᠨᠢ ᠲᠤᠮᠳᠠᠳᠦ ᠤᠯᠤᠰ ᠤ᠋ᠨ ᠳᠠᠭᠤᠯᠠᠯᠳᠦ ᠵᠦᠴᠦᠭᠡ ᠪᠦᠵᠢᠭᠳᠦ ᠵᠦᠴᠦᠭᠡ ᠵᠢᠨ ᠬᠦᠷᠢᠶᠡᠯᠡᠩ ᠤ᠋ᠨ ᠨᠠᠢᠷᠠᠯ ᠬᠦᠭᠵᠢᠮ ᠤ᠋ᠨ ᠪᠦᠯᠬᠦᠮ ᠤ᠋ᠨ ᠰᠦᠷ ᠳᠠᠯᠠᠢᠴᠠᠳᠠᠢ ᠬᠤᠪᠢᠰᠬᠠᠯ ᠤ᠋ᠨ ᠬᠦᠭᠵᠢᠮ ᠵᠢᠡᠷ ᠬᠦᠰᠢᠬᠡ ᠪᠠᠨ ᠰᠡᠬᠦᠵᠤ᠂ ᠲᠡᠭᠡᠷ᠎ᠠ ᠬᠠᠭᠠᠰ ᠲᠠᠯᠠᠪᠠᠢ ᠲᠤᠬᠯᠠᠯᠳᠠ᠎ᠳᠤ 《ᠪᠤᠭᠤᠨᠢ ᠰᠢᠯᠦᠭ ᠲᠦᠷᠪᠡᠨ ᠪᠠᠳᠠᠭ》᠂ 《ᠴᠠᠰᠤᠨ ᠤᠶᠠᠩᠭ᠎ᠠ》᠂ 《ᠡᠷᠡᠯᠬᠡᠭ ᠪᠠᠭᠠᠲᠤᠷ ᠦᠬᠢᠳ ᠬᠦᠪᠡᠬᠦᠳ》 ᠵᠡᠷᠭᠡ ᠰᠦᠷ ᠰᠦᠯᠳᠡ᠂ ᠤᠮᠤᠭ ᠳᠡᠬᠦᠯᠳᠡᠷ᠂ ᠢᠷᠠᠭᠤ ᠤᠶᠠᠩᠭᠠᠳᠦ ᠰᠤᠩᠭᠤᠳᠠᠭ ᠬᠦᠭᠵᠢᠮ ᠤ᠋ᠳ᠎ᠢ ᠬᠦᠭᠵᠢᠮᠳᠡᠵᠦ᠂ ᠦᠨᠳᠦᠰᠦᠳᠡᠨ ᠤ᠋ ᠴᠢᠯᠦᠭᠡᠯᠡᠯᠳᠡ ᠵᠢᠨ ᠲᠦᠯᠦᠭᠡ ᠠᠷᠢᠭᠤᠨ ᠴᠢᠰᠤ ᠬᠠᠯᠠᠭᠤᠨ ᠠᠮᠢ ᠪᠠᠨ ᠵᠤᠷᠢᠭᠤᠯᠤᠭᠰᠠᠨ ᠮᠢᠩᠭ᠎ᠠ ᠲᠦᠮᠡᠨ ᠪᠠᠭᠠᠲᠤᠷ ᠵᠤᠷᠢᠭᠳᠠᠳ ᠤ᠋ᠨ ᠡᠷᠡᠯᠬᠡᠭᠯᠡᠨ ᠲᠡᠮᠡᠴᠡᠭᠰᠡᠨ ᠠᠥᠭ᠎ᠠ ᠲᠡᠥᠭᠡ ᠵᠢ᠎ᠪᠠᠬᠠᠳᠤᠨ ᠳᠠᠭᠤᠯᠠᠵᠠᠢ᠃ ᠲᠤᠤᠷ᠎ᠠ ᠬᠠᠭᠠᠰ ᠳᠠᠯᠠᠪᠠᠢ ᠲᠤᠭᠯᠠᠯᠳᠠ ᠳ᠋ᠤ 《ᠷᠤᠰᠯᠠᠨ ᠬᠢᠭᠡᠳ ᠷᠢᠥᠳ᠋ ᠮᠢᠯᠠᠨ ᠤ᠋ ᠤᠷᠤᠰᠢᠯ ᠬᠦᠭᠵᠢᠮ》᠂ 《ᠬᠠᠩᠭᠠᠷᠢ ᠵᠢᠨ ᠪᠦᠵᠢᠭ ᠤ᠋ᠨ ᠠᠶ᠎ᠠ ᠵᠢᠨ ᠨᠢᠭᠡᠳᠦᠬᠡᠷ ᠬᠦᠭᠵᠢᠮ》᠂ 《ᠲᠠᠯ·ᠺᠢᠨᠲ》 ᠮᠦᠴᠡᠯᠬᠡ ᠠᠶᠠᠰ ᠵᠡᠷᠭᠡ ᠲᠡᠯᠡᠬᠡᠢ ᠵᠢᠨ ᠰᠤᠩᠭᠤᠳᠠᠭ ᠠᠶ᠎ᠠ᠎ᠵᠢ ᠬᠦᠭᠵᠢᠮᠳᠡᠵᠦ᠂ ᠦᠵᠡᠭᠴᠢᠳ ᠲᠦ᠍ ᠰᠤᠩᠭᠤᠳᠠᠭ ᠪᠦᠳᠦᠭᠡᠯ ᠪᠤᠯᠤᠨ ᠨᠠᠢᠷᠠᠯ ᠬᠦᠭᠵᠢᠮ ᠤ᠋ᠨ ᠷᠢᠳᠢ ᠰᠢᠳᠢ᠎ᠵᠢ ᠳᠠᠨᠢᠭᠤᠯᠵᠦ᠂ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠲᠦ᠍ ᠦᠩᠬᠡ ᠬᠢᠯᠪᠠᠭ᠎ᠠ ᠨᠡᠮᠡᠷᠢᠯᠡᠵᠡᠢ᠃


QQ截图20230807151622.png

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面