2023-07-28 09:35:36
《 ᠬᠦᠬᠡ ᠳᠡᠪᠡᠯᠳᠡᠨ 》 ᠢ᠋ ᠦᠪᠤᠷ ᠮᠤᠩᠭᠤᠯ ᠳ᠋ᠤ ᠠᠩᠬ᠎ᠠ ᠲᠤᠬᠯᠠᠯᠠ
7 ᠰᠠᠷ᠎ᠠ ᠵᠢᠨ 27 ᠤ᠋ ᠤᠷᠤᠢ᠂ ᠶᠠ ᠪᠢᠨ ᠤᠷᠠᠨ ᠪᠦᠵᠢᠭ ᠤ᠋ᠨ ᠠᠵᠢᠯᠯᠠᠬᠤ ᠦᠷᠦᠬᠡ ᠵᠢᠨ ᠬᠢᠨ ᠦᠪᠦᠷ ᠮᠤᠨᠭᠭᠤᠯ ᠤ᠋ᠨ ᠤᠯᠠᠭᠠᠨ ᠲᠢᠶᠠᠲᠷ ᠲᠦ᠍ ᠪᠦᠵᠢᠭᠳᠦ ᠵᠦᠴᠦᠭᠡ 《ᠬᠦᠬᠡ ᠲᠡᠪᠡᠯᠳᠡᠨ》 ᠢ᠋ ᠲᠤᠭᠯᠠᠵᠤ᠂ ᠬᠦᠷᠦᠯᠴᠡᠨ ᠢᠷᠡᠭᠰᠡᠨ ᠦᠵᠡᠭᠴᠢᠳ ᠲᠦ᠍ ᠤᠯᠠᠨ ᠤᠯᠤᠰ ᠤᠷᠤᠨ ᠵᠢᠡᠷ ᠲᠤᠭᠯᠠᠵᠤ ᠶᠠᠪᠤᠭᠰᠠᠨ ᠨᠡᠷᠡᠳᠤ ᠪᠦᠳᠦᠬᠡᠯ ᠢ᠋ ᠰᠤᠨᠢᠷᠬᠠᠭᠤᠯᠤᠭᠰᠠᠨ ᠪᠠᠢᠨ᠎ᠠ᠃

ᠪᠦᠵᠢᠭᠳᠦ ᠵᠦᠴᠦᠭᠡ 《ᠬᠦᠬᠡ ᠲᠡᠪᠡᠯᠳᠡᠨ》 ᠪᠤᠯ ᠬᠣᠷᠢᠳᠤᠭᠠᠷ ᠬᠤᠭᠤᠴᠠᠭᠠᠨ ᠤ᠋ ᠳᠤᠮᠳᠠᠳᠤ ᠤᠯᠤᠰ·ᠥᠪᠥᠷ ᠮᠣᠩᠭᠣᠯ ᠤ᠋ᠨ ᠲᠠᠯ᠎ᠠ ᠨᠤᠲᠤᠭ ᠤ᠋ᠨ ᠰᠣᠶᠣᠯ ᠤ᠋ᠨ ᠨᠠᠢᠷ ᠤ᠋ᠨ ᠤᠨᠴᠠ ᠤᠷᠢᠭᠰᠠᠨ ᠦᠵᠡᠬᠦᠯᠬᠡ ᠵᠢᠨ ᠲᠤᠭᠯᠠᠯᠳᠠ ᠵᠢᠨ ᠨᠢᠬᠡ ᠪᠤᠯᠤᠨ᠎ᠠ ᠃ ᠵᠦᠴᠦᠭᠡ ᠳ᠋ᠤ ᠱᠢᠶᠣᠤ ᠶᠠᠨ ᠴᠢᠦ ᠬᠤᠷᠢᠨ ᠬᠡᠳᠦᠨ ᠵᠢᠯ ᠤ᠋ᠨ ᠡᠮᠦᠨ᠎ᠡ ᠴᠠᠩ ᠡᠧ ᠵᠢ ᠲᠤᠭᠯᠠᠭᠠᠳ ᠨᠢᠭᠡᠨ ᠦᠶ᠎ᠡ ᠨᠡᠷ᠎ᠡ ᠠᠯᠳᠠᠷ ᠶᠡᠬᠡ ᠪᠡᠷ ᠮᠠᠨᠳᠤᠭᠰᠠᠨ ᠪᠤᠯᠪᠠᠴᠦ ᠵᠢᠮᠡᠯᠡᠯ ᠪᠤᠷᠤᠭᠤᠰᠢᠶᠠᠯ ᠳ᠋ᠤ ᠤᠴᠠᠷᠠᠵᠤ᠂ ᠤᠷᠠᠯᠢᠭ ᠤ᠋ᠨ ᠦᠢᠯᠡᠰ ᠲᠡᠭᠡᠨ ᠠᠮᠵᠢᠯᠳᠠ ᠪᠦᠳᠦᠮᠵᠢ ᠭᠠᠷᠭᠠᠬᠤ ᠱᠢᠵᠢᠷ ᠠᠯᠳᠠᠨ ᠴᠠᠭ ᠦᠶ᠎ᠡ ᠳ᠋ᠤ ᠵᠦᠴᠦᠭᠡ ᠵᠢᠨ ᠪᠦᠯᠬᠦᠮ ᠡᠴᠡ ᠪᠠᠨ ᠬᠦᠭᠡᠭᠡᠭᠳᠡᠵᠦ᠂ ᠠᠷᠭ᠎ᠠ ᠪᠤᠰᠤ ᠰᠢ ᠵᠦᠴᠦᠭᠡ ᠵᠢᠨ ᠰᠤᠷᠭᠠᠭᠤᠯᠢ ᠳ᠋ᠤ ᠬᠦᠷᠴᠦ ᠪᠠᠭᠰᠢᠯᠠᠪᠠ ᠃ ᠡᠬᠦᠨ ᠤ᠋ ᠲᠠᠬᠡᠷ᠎ᠠ ᠠᠮᠢᠳᠤᠷᠠᠯ ᠨᠢ ᠪᠠᠰᠠ ᠨᠤᠭᠤᠷᠠᠯ ᠪᠦᠳᠦᠷᠢᠯ ᠳ᠋ᠤ ᠤᠴᠠᠷᠠᠵᠦ ᠂ ᠭᠤᠨᠢᠵᠦ ᠭᠤᠳᠤᠷᠠᠬᠤ ᠵᠢᠨ ᠲᠤᠢᠯ ᠳ᠋ᠤ ᠲᠤᠯᠤᠭᠰᠠᠨ ᠲᠡᠷᠡ ᠪᠡᠷ ᠳᠠᠷᠤᠤ ᠨᠣᠮᠣᠬᠠᠨ ᠵᠠᠮ ᠬᠠᠷᠢᠯᠴᠠᠭᠠᠨ ᠤ᠋ ᠴᠠᠭ᠍ᠳᠠᠭᠠ ᠮᠢᠶᠠᠨ ᠭᠤᠧᠠ ᠲᠠᠢ ᠳᠠᠨᠢᠯᠴᠠᠨ ᠬᠤᠷᠢᠮᠯᠠᠵᠦ ᠂ ᠡᠬᠡᠯ ᠬᠦᠮᠦᠨ ᠤ᠋ ᠠᠮᠢᠳᠤᠷᠠᠯ ᠢ᠋ᠡᠬᠢᠯᠡᠬᠦᠯᠦᠭᠰᠡᠨ ᠪᠠᠢᠨ᠎ᠠ᠃ ᠴᠠᠭ ᠦᠶ᠎ᠡ ᠤᠯᠠᠷᠢᠨ ᠬᠤᠪᠢᠷᠠᠵᠤ ᠂ ᠲᠡᠬᠦᠨ ᠤ᠋ ᠬᠦᠮᠦᠵᠢᠬᠦᠯᠦᠭᠰᠡᠨ ᠰᠤᠷᠤᠭ᠍ᠴᠢ ᠴᠦᠨ ᠯᠠᠢ ᠨᠢ ᠱᠢᠶᠣᠤ ᠶᠠᠨ ᠴᠢᠦ ᠵᠢᠨ ᠤᠯᠠᠨ ᠵᠢᠯ ᠤ᠋ᠨ ᠤᠷᠠᠯᠢᠭ ᠤ᠋ᠨ ᠬᠦᠰᠡᠯ ᠮᠦᠷᠦᠭᠡᠳᠦᠯ ᠢ᠋ ᠲᠦᠷᠡᠯᠵᠡᠬᠦᠯᠵᠦ ᠂ ᠳᠠᠬᠢᠨ ᠨᠢᠭᠡᠨ ᠤᠳᠠᠭ᠎ᠠ ᠳᠠᠢᠰᠠᠨ ᠳ᠋ᠤ ᠭᠠᠷᠴᠤ᠌ ᠠᠪᠢᠶᠠᠰ ᠴᠢᠳᠠᠪᠤᠷᠢ ᠪᠠᠨ ᠪᠠᠳᠠᠷᠠᠭᠤᠯᠬᠤ ᠶ᠋ᠢ ᠬᠦᠰᠡᠪᠡ ᠂ ᠭᠡᠲᠡᠯ᠎ᠡ ᠰᠠᠨᠠᠭᠠᠨ ᠡᠴᠡ ᠭᠠᠳᠠᠭᠤᠷ ᠲᠤᠭᠯᠠᠯᠳᠠ ᠵᠢ ᠢᠪᠡᠭᠡᠨ ᠳᠡᠳᠬᠦᠭᠰᠡᠨ ᠵᠠᠬᠢᠷᠤᠯ ᠤ᠋ᠨ ᠰᠠᠨᠠᠭ᠎ᠠ ᠪᠡᠷ ᠰᠤᠷᠤᠭᠴᠢ ᠴᠦᠨ ᠯᠠᠢ ᠨᠢ ᠴᠠᠩ ᠡᠧ ᠵᠢ ᠲᠤᠭᠯᠠᠵᠦ ᠂ ᠱᠢᠶᠣᠤ ᠶᠠᠨ ᠴᠢᠦ᠍ ᠶ᠋ᠢᠨ ᠡᠴᠦᠰ ᠤ᠋ᠨ ᠬᠦᠰᠡᠯ ᠬᠦᠭᠡᠰᠦ ᠪᠤᠯᠵᠤ ᠵᠠᠮᠬᠠᠷᠠᠭᠰᠠᠨ ᠭᠤᠨᠢᠭᠳᠦ ᠦᠯᠢᠭᠡᠷ ᠢ᠋ ᠵᠦᠴᠦᠭᠡᠯᠡᠵᠡᠢ ᠃

《ᠡᠨᠡ ᠬᠦ᠌ ᠵᠦᠴᠦᠭᠡ ᠵᠢ ᠦᠪᠦᠷ ᠮᠤᠨᠭᠭᠤᠯ ᠳ᠋ᠤ ᠠᠩᠬ᠎ᠠ ᠲᠤᠭᠯᠠᠵᠦ ᠪᠠᠢᠨ᠎ᠠ᠃ ᠲᠤᠰ ᠵᠦᠴᠦᠭᠡ ᠵᠢ ᠵᠤᠬᠢᠶᠠᠨ ᠪᠦᠳᠦᠭᠡᠬᠦ ᠪᠡᠷ ᠤᠤᠯ ᠵᠤᠬᠢᠶᠠᠯ ᠢ᠋ ᠰᠤᠳᠤᠯᠤᠨ ᠤᠩᠰᠢᠬᠤ ᠂ ᠭᠤᠤᠯ ᠲᠦᠷᠢ ᠵᠢᠴᠢ ᠦᠢᠯᠡ ᠶᠠᠪᠤᠳᠠᠯ ᠢ᠋ ᠰᠤᠩᠭᠤᠨ ᠲᠤᠭᠯᠠᠬᠤ ᠂ ᠤᠯᠤᠰ ᠤ᠋ᠨ ᠳᠤᠳᠤᠭᠠᠳᠦ ᠭᠠᠳᠠᠭᠠᠳᠦ ᠵᠢᠨ ᠵᠢᠷᠤᠭ ᠲᠦᠯᠦᠪᠯᠡᠭᠴᠢ ᠲᠠᠢ ᠰᠠᠨᠠᠭ᠎ᠠ ᠪᠤᠳᠤᠯ ᠵᠢᠡᠨ ᠰᠤᠯᠢᠯᠴᠠᠬᠤ ᠵᠡᠷᠭᠡ ᠪᠡᠷ 3 ᠵᠢᠯ ᠪᠡᠯᠡᠳᠬᠡᠵᠤ ᠤᠯᠠᠨ ᠠᠵᠢᠯ ᠬᠢᠵᠠᠢ ᠃ ᠵᠦᠴᠦᠭᠡ ᠵᠢᠨ ᠭᠤᠤᠯ ᠲᠦᠷᠢ ᠰᠢᠶᠤᠤ ᠶᠠᠨ ᠴᠢᠦ ᠪᠤᠯ ᠶᠡᠬᠡᠷᠬᠡᠭ ᠮᠦᠷᠳᠡᠭᠡᠨ ᠮᠤᠵᠢᠭᠤᠳᠠ ᠵᠠᠩ ᠲᠠᠢ ᠤᠷᠠᠯᠢᠭᠴᠢᠨ ᠃ ᠬᠡᠪᠡᠴᠦ ᠪᠢᠳᠡ ᠲᠡᠬᠦᠨ ᠤ᠋ ᠤᠷᠠᠯᠢᠭ ᠤ᠋ᠨ ᠬᠦᠭᠡᠭᠡᠴᠡᠯᠳᠦᠯ ᠂ ᠦᠢᠯᠡᠰ ᠵᠢᠡᠨ ᠡᠷᠬᠢᠮᠯᠡᠬᠦ ᠤᠷᠬᠢᠯᠤᠮ᠎ᠠ ᠬᠠᠯᠠᠭᠤᠨ ᠰᠡᠳᠬᠢᠯ ᠂ ᠬᠦᠰᠡᠯ ᠮᠦᠷᠦᠭᠡᠳᠦᠯ ᠤ᠋ᠨ ᠲᠤᠬᠠᠢ ᠪᠠᠷᠢᠮᠳᠠᠯᠠᠯ ᠂ ᠵᠤᠷᠢᠭᠰᠠᠨ ᠳ᠋ᠠᠭᠠᠨ ᠬᠦᠷᠬᠦ ᠵᠤᠷᠢᠭ ᠰᠠᠨᠠᠭ᠎ᠠ ᠵᠢ ᠨᠢ ᠰᠤᠷᠤᠯᠴᠠᠬᠤ ᠶᠤᠰᠤᠳᠠᠢ ᠶᠤᠮ》 ᠭᠡᠵᠦ ᠲᠤᠰ ᠵᠦᠴᠦᠭᠡ ᠵᠢᠨ ᠭᠤᠤᠯ ᠲᠦᠷᠢ ᠵᠢᠨ ᠲᠤᠭᠯᠠᠭᠴᠢ ᠂ ᠤᠳᠤᠷᠢᠳᠤᠭᠠᠴᠢ ᠸᠠᠩ ᠶᠠ ᠪᠢᠨ ᠬᠡᠯᠡᠨ᠎ᠡ ᠃

《ᠬᠦᠬᠡ ᠳᠡᠪᠡᠯᠳᠡᠨ》 ᠪᠤᠯ ᠵᠤᠬᠢᠶᠠᠯᠴᠢ ᠪᠢ ᠹᠧᠢ ᠢᠥᠢ ᠵᠢᠨ ᠦᠬᠦᠯᠡᠯᠬᠡ ᠵᠢ ᠦᠭᠡᠷᠡᠴᠢᠯᠡᠨ ᠪᠦᠳᠦᠭᠡᠭᠰᠡᠨ ᠪᠦᠵᠢᠭᠳᠦ ᠵᠦᠴᠦᠭᠡ ᠪᠠᠢᠵᠤ ᠂ ᠤᠳᠤ ᠦᠶ᠎ᠡ ᠵᠢᠨ ᠬᠡᠪ ᠮᠠᠶᠢᠭ ᠵᠢᠡᠷ ᠢᠯᠡᠷᠡᠬᠦᠯᠦᠭᠰᠡᠨ ᠪᠦᠳᠦᠭᠡᠯ ᠪᠤᠯᠪᠠᠴᠦ ᠪᠦᠵᠢᠭ ᠂ ᠰᠢ ᠵᠦᠴᠦᠭᠡ ᠂ ᠳᠠᠭᠤᠤ ᠬᠦᠭᠵᠢᠮ ᠂ ᠭᠤᠤᠯ ᠪᠠᠭᠠᠳᠤᠷ ᠤ᠋ᠨ ᠰᠡᠳᠬᠢᠯ ᠤ᠋ᠨ ᠬᠦᠳᠡᠯᠭᠡᠭᠡᠨ ᠤ᠋ ᠢᠯᠡᠷᠡᠬᠦᠯᠦᠯ ᠵᠡᠷᠭᠡ ᠤᠯᠠᠮᠵᠢᠯᠠᠯᠳᠦ ᠬᠦᠴᠦᠨ ᠵᠦᠢᠯ ᠢ᠋ ᠠᠮᠢᠳᠤᠯᠢᠭ ᠵᠢᠡᠷ ᠠᠭᠤᠰᠬᠠᠪᠠ᠃ ᠲᠤᠰ ᠵᠦᠴᠦᠬᠡ ᠵᠢ 2015 ᠤᠨ ᠤ᠋ 10 ᠰᠠᠷ᠎ᠠ ᠳ᠋ᠤ ᠤᠯᠤᠰ ᠤ᠋ᠨ ᠶᠡᠬᠡ ᠲᠢᠶᠠᠲᠷ ᠲᠦ᠍ ᠠᠩᠬ᠎ᠠ ᠲᠤᠭᠯᠠᠵᠦ᠂ ᠬᠠᠩᠭᠠᠷᠢ ᠂ ᠢᠰᠷᠧᠯ ᠂ ᠨᠤᠷᠧᠠᠢ ᠵᠡᠷᠭᠡ ᠤᠯᠠᠨ ᠤᠯᠤᠰ ᠤᠷᠤᠨ ᠵᠢᠡᠷ ᠲᠤᠭᠯᠠᠵᠦ ᠶᠠᠪᠤᠵᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠮᠦᠩᠭᠦᠨᠬᠤᠸᠠᠷ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃