ᠰᠣᠶᠣᠯ ᠤᠷᠠᠯᠢᠭ > ᠬᠣᠷᠢᠳᠤᠭᠠᠷ ᠬᠤᠭᠤᠴᠠᠭᠠᠨ᠎ᠤ᠋ ᠲᠠᠯ᠎ᠠ ᠨᠤᠲᠤᠭ᠎ᠤ᠋ᠨ ᠰᠣᠶᠣᠯ᠎ᠤ᠋ᠨ ᠨᠠᠢᠷ

2023-07-30 11:22:03

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠰᠤᠨᠤᠷ ᠢ᠋ ᠪᠠᠶᠠᠰᠬᠠᠭᠰᠠᠨ 《 ᠮᠤᠨᠭᠭᠤᠯ ᠮᠤᠷᠢ 》 ᠵᠢᠨ ᠲᠦᠪᠡᠷᠬᠡᠨ

《ᠰᠠᠯᠬᠢᠨ ᠬᠦᠯᠦᠭ》 ᠤ᠋ᠨ ᠠᠶ᠎ᠠ ᠠᠭᠤᠳᠠᠮ ᠳᠠᠯ᠎ᠠ ᠵᠢ ᠵᠦᠰᠦᠨ ᠴᠤᠤᠷᠢᠶᠠᠲᠤᠵᠤ᠂ ᠬᠤᠷᠳᠤᠨ ᠬᠦᠯᠦᠭ ᠤ᠋ᠨ ᠲᠦᠪᠡᠷᠭᠡᠨ ᠲᠡᠷᠡ ᠬᠤᠯᠠ ᠡᠴᠡ ᠨᠠᠭᠠᠰᠢᠯᠠᠨ᠎ᠠ᠃ 7 ᠰᠠᠷ᠎ᠠ ᠵᠢᠨ 29 ᠤ᠋ ᠤᠷᠤᠢ᠂ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠦᠨᠳᠦᠰᠦᠳᠡᠨ ᠤ᠋ ᠬᠦᠭᠵᠢᠮ ᠤ᠋ᠨ ᠪᠦᠯᠬᠦᠮ ᠤ᠋ᠨ ᠲᠤᠭᠯᠠᠭᠰᠠᠨ ᠦᠨᠳᠦᠰᠦᠲᠡᠨ ᠤ᠋ ᠨᠠᠢᠷᠠᠯ ᠬᠥᠭ᠌ᠵᠢᠮ 《ᠮᠣᠩᠭᠣᠯ ᠮᠣᠷᠢ》 ᠨᠢ ᠥᠪᠥᠷ ᠮᠣᠩᠭᠣᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠳᠠᠭᠤᠤ ᠬᠦᠭᠵᠢᠮ ᠤ᠋ᠨ ᠲᠢᠩᠬᠢᠮ ᠳ᠋ᠤ ᠬᠦᠷᠦᠯᠴᠡᠨ ᠢᠷᠡᠭᠰᠡᠨ ᠦᠵᠡᠭᠴᠢ ᠤᠯᠠᠨ ᠤ᠋ ᠰᠤᠨᠤᠷ ᠢ᠋ ᠪᠠᠶᠠᠰᠬᠠᠨ ᠤᠷᠬᠢᠯᠤᠮ᠎ᠠ ᠬᠠᠯᠠᠭᠤᠨ ᠰᠡᠳᠬᠢᠯ ᠢ᠋ ᠬᠦᠭᠵᠢᠭᠡᠵᠦ ᠂ ᠰᠤᠶᠤᠯ ᠤ᠋ᠨ ᠨᠠᠢᠷ ᠲᠦ᠍ ᠴᠢᠮᠡᠭ ᠨᠡᠮᠡᠯ᠎ᠠ᠃


2.2.jpg


2.3.jpg


ᠬᠤᠷᠢᠳᠤᠭᠠᠷ ᠬᠤᠭᠤᠴᠠᠭᠠᠨ ᠤ᠋ ᠲᠤᠮᠳᠠᠳᠦ ᠤᠯᠤᠰ·ᠦᠪᠦᠷ ᠮᠤᠨᠭᠭᠤᠯ ᠤ᠋ᠨ ᠳᠠᠯ᠎ᠠ ᠨᠤᠲᠤᠭ ᠤ᠋ᠨ ᠰᠤᠶᠤᠯ ᠤ᠋ᠨ ᠨᠠᠢᠷ ᠤ᠋ᠨ ᠰᠢᠯᠢᠳᠡᠭ ᠤ᠋ᠨ ᠲᠤᠭᠯᠠᠯᠳᠠ ᠪᠡᠷ ᠤᠷᠤᠯᠴᠠᠵᠦ ᠪᠠᠢᠭ᠎ᠠ ᠡᠨᠡ ᠬᠦ᠌ ᠦᠳᠡᠰᠢᠯᠡᠭᠡ ᠳ᠋ᠤ 《ᠠᠯᠤᠰ ᠭᠠᠵᠠᠷ》᠂ 《ᠰᠢᠭᠤᠷᠭ᠎ᠠ》᠂ 《ᠠᠵᠢᠨᠠᠢ ᠬᠦᠯᠦᠭ ᠤ᠋ᠨ ᠵᠢᠪᠬᠤᠭ᠎ᠠ》᠂ 《ᠲᠡᠭᠦᠯᠢᠯᠳᠡ》 ᠵᠡᠷᠭᠡ ᠮᠤᠨᠭᠭᠤᠯ ᠮᠤᠷᠢᠨ ᠤ᠋ ᠬᠤᠯᠠ ᠵᠢᠨ ᠠᠶᠠᠨ ᠳ᠋ᠤ ᠳᠡᠰᠪᠦᠷᠢ ᠳᠠᠭᠠᠭᠠᠴᠠᠳᠠᠢ ᠂ ᠵᠤᠷᠢᠭᠰᠠᠨ ᠵᠦᠭ ᠲᠡᠭᠡᠨ ᠴᠤᠴᠠᠯᠳᠠ ᠦᠬᠡᠢ ᠲᠡᠮᠡᠥᠯᠳᠡᠭ ᠵᠠᠩ ᠠᠭᠠᠯᠢ ᠵᠢ ᠪᠦᠷᠢᠨ ᠢᠯᠡᠳᠬᠡᠵᠦ ᠴᠢᠳᠠᠬᠤᠢᠴᠠ 11 ᠲᠤᠭᠯᠠᠯᠳᠠ ᠪᠡᠷ ᠳᠠᠮᠵᠢᠨ ᠪᠦᠬᠦ ᠤᠷᠤᠨ ᠤ᠋ ᠦᠨᠳᠦᠰᠦᠳᠡᠨ ᠨᠤᠬᠦᠳ ᠤ᠋ᠨ ᠠᠷᠠᠳ ᠲᠦᠮᠡᠨ ᠤ᠋ ᠤᠭ ᠰᠠᠨᠠᠭ᠎ᠠ ᠪᠠᠨ ᠪᠠᠳᠤ ᠴᠡᠭᠡᠵᠢᠯᠡᠵᠦ ᠡᠷᠡᠮᠡᠬᠡᠢᠯᠡᠨ ᠲᠡᠮᠡᠴᠡᠵᠦ ᠪᠠᠢᠭ᠎ᠠ ᠴᠤᠭ ᠵᠢᠪᠬᠤᠭ᠎ᠠ ᠵᠢ ᠬᠠᠷᠠᠭᠤᠯᠤᠭᠰᠠᠨ ᠪᠠᠢᠨ᠎ᠠ᠃ 《ᠪᠢ ᠦᠳᠡᠰᠢᠯᠡᠬᠡ ᠳ᠋ᠤ 〈ᠨᠤᠲᠤᠭ〉 ᠭᠡᠬᠦ ᠭᠤᠴᠤᠯᠠᠯ ᠬᠦᠭᠵᠢᠮ ᠵᠢᠡᠷ ᠵᠢᠡᠨ ᠳᠠᠮᠵᠢᠨ ᠨᠤᠲᠤᠭ ᠤᠰᠤᠨ ᠳ᠋ᠠᠭᠠᠨ ᠲᠦᠢᠯ ᠤ᠋ᠨ ᠬᠠᠢᠷᠠᠳᠠᠢ ᠪᠠᠢᠬᠤ ᠪᠠ ᠨᠡᠩ ᠰᠠᠢᠨ ᠰᠠᠢᠬᠠᠨ ᠠᠮᠢᠳᠤᠷᠠᠯ ᠤ᠋ᠨ ᠲᠤᠬᠠᠢ ᠬᠦᠰᠡᠯ ᠡᠷᠡᠮᠡᠯᠵᠡᠯ ᠵᠢᠡᠨ ᠢᠯᠡᠳᠬᠡᠭᠰᠡᠨ ᠶᠤᠮ》 ᠭᠡᠵᠦ ᠲᠤᠰ ᠪᠦᠯᠬᠦᠮ ᠤ᠋ᠨ ᠮᠤᠷᠢᠨ ᠬᠤᠭᠤᠷᠴᠢ ᠰᠤᠷᠭᠤᠭ ᠶᠠᠷᠢᠵᠤ ᠪᠠᠢᠯ᠎ᠠ᠃


2.5.jpg


《ᠮᠣᠩᠭᠣᠯ ᠮᠣᠷᠢ》 ᠪᠤᠯ ᠮᠤᠷᠢᠨ ᠬᠤᠭᠤᠷ᠂ ᠬᠤᠪᠢᠰ᠂ ᠡᠪᠡᠷ ᠪᠦᠷᠢᠶ᠎ᠡ ᠵᠢᠴᠢ ᠬᠥᠭᠡᠮᠡᠢ᠂ ᠴᠣᠭᠣᠷ ᠵᠡᠷᠭᠡ ᠪᠡᠷ ᠪᠦᠷᠢᠯᠳᠦᠭᠰᠡᠨ ᠲᠤᠮᠤ ᠬᠡᠯᠪᠡᠷᠢ ᠵᠢᠨ ᠦᠨᠳᠦᠰᠦᠲᠡᠨ ᠤ᠋ ᠨᠠᠢᠷᠠᠯ ᠬᠥᠭ᠌ᠵᠢᠮ ᠪᠤᠯᠤᠨ᠎ᠠ᠃ 《ᠮᠠᠨ ᠤ᠋ ᠡᠨᠡ ᠪᠦᠳᠦᠭᠡᠯ ᠪᠤᠯ ᠲᠤᠮᠳᠠᠳᠦ ᠤᠯᠤᠰ ᠤ᠋ᠨ ᠡᠪ ᠬᠠᠮᠳᠦ ᠨᠠᠮ ᠪᠠᠢᠭᠤᠯᠤᠭᠳᠠᠭᠰᠠᠨ 100 ᠵᠢᠯ ᠤ᠋ᠨ ᠤᠢ ᠳ᠋ᠤ ᠵᠤᠷᠢᠭᠤᠯᠤᠨ ᠵᠤᠬᠢᠶᠠᠨ ᠪᠦᠳᠦᠭᠡᠭᠰᠡᠨ ᠦᠨᠳᠦᠰᠦᠳᠡᠨ ᠤ᠋ ᠨᠠᠢᠷᠠᠯ ᠬᠦᠭᠵᠢᠮ ᠪᠤᠯᠬᠤ ᠶᠤᠮ᠃ ᠪᠢᠳᠡ ᠲᠤᠰ ᠦᠳᠡᠰᠢᠯᠡᠬᠡ ᠪᠡᠷ ᠲᠠᠮᠵᠢᠨ ᠪᠦᠬᠦ ᠤᠯᠤᠰ ᠤ᠋ᠨ ᠡᠯ᠎ᠠ ᠭᠠᠵᠠᠷ ᠡᠴᠡ ᠬᠦᠷᠦᠯᠴᠡᠨ ᠢᠷᠡᠭᠰᠡᠨ ᠬᠦᠮᠦᠰ ᠲᠦ᠍ ᠦᠪᠤᠷ ᠮᠤᠩᠭᠤᠯᠴᠤᠳ ᠤ᠋ᠨ ᠬᠦᠴᠢᠷ ᠪᠡᠷᠭᠡ ᠡᠴᠡ ᠠᠶᠤᠬᠤ ᠦᠬᠡᠢ᠂ ᠡᠷᠡᠯᠬᠡᠭᠯᠡᠨ ᠲᠡᠮᠡᠴᠡᠳᠡᠭ ᠵᠤᠷᠢᠭ ᠰᠠᠨᠠᠭ᠎ᠠ ᠪᠤᠯᠤᠨ ᠡᠬᠦᠷᠢᠳᠡ ᠨᠠᠮ ᠵᠢᠡᠨ ᠬᠦᠷᠢᠶᠡᠯᠡᠨ ᠨᠠᠮ ᠵᠢᠡᠨ ᠲᠠᠭᠠᠵᠤ᠂ ᠦᠵᠡᠰᠬᠦᠯᠡᠩᠳᠤ ᠰᠠᠢᠬᠠᠨ ᠬᠡᠷ ᠤᠷᠤᠨ ᠵᠢᠡᠨ ᠰᠠᠢᠳᠤᠷ ᠪᠦᠳᠦᠭᠡᠨ ᠪᠠᠢᠭᠤᠯᠬᠤ ᠢᠳᠡᠭᠡᠯ ᠬᠦᠰᠡᠯ ᠢ᠋ ᠬᠠᠷᠠᠭᠤᠯᠬᠤ ᠵᠢ ᠵᠤᠷᠢᠭᠰᠠᠨ ᠶᠤᠮ》 ᠭᠡᠵᠦ ᠦᠪᠦᠷ ᠮᠤᠨᠭᠭᠤᠯ ᠤ᠋ᠨ ᠦᠨᠳᠦᠰᠦᠳᠡᠨ ᠤ᠋ ᠬᠦᠭᠵᠢᠮ ᠤ᠋ᠨ ᠪᠦᠯᠬᠦᠮ ᠤ᠋ᠨ ᠯᠢᠮᠪᠦᠴᠢᠨ ᠵᠠᠩ ᠴᠢᠶᠠᠨ ᠴᠢᠶᠠᠨ ᠬᠡᠯᠡᠨ᠎ᠡ᠃


2.4.jpg


ᠤᠢᠯᠠᠭᠠᠭᠰᠠᠨ ᠵᠢᠡᠷ᠂ 《ᠮᠤᠨᠭᠭᠤᠯ ᠮᠤᠷᠢ》 ᠬᠡᠮᠡᠬᠦ ᠨᠠᠢᠷᠠᠯ ᠬᠦᠭᠵᠢᠮ ᠪᠤᠯ ᠪᠦᠬᠦ ᠤᠯᠤᠰ ᠤ᠋ᠨ 《ᠪᠠᠷᠠᠭᠤᠨ ᠣᠷᠣᠨ ᠵᠢᠴᠢ ᠴᠥᠭᠡᠨ ᠲᠣᠭᠠᠲᠤ ᠦᠨᠳᠦᠰᠦᠲᠡᠨ ᠤ᠋ ᠣᠷᠣᠨ ᠤ᠋ ᠤᠷᠠᠯᠢᠭ ᠤ᠋ᠨ ᠵᠣᠬᠢᠶᠠᠨ ᠪᠦᠲᠦᠭᠡᠯᠭᠡ ᠶ᠋ᠢ ᠳᠡᠭᠡᠭ᠌ᠰᠢᠯᠡᠭᠦᠯᠬᠦ᠌ ᠲᠥᠯᠥᠪᠯᠡᠭᠡ》 ᠵᠢᠨ ᠲᠤᠰᠭᠠᠢ ᠮᠡᠷᠭᠡᠵᠢᠯᠲᠡᠨ ᠤ᠋ ᠳᠡᠮᠵᠢᠯᠭᠡ ᠵᠢ ᠬᠦᠷᠳᠡᠭᠰᠡᠨ ᠭᠣᠣᠯᠳᠠᠯᠭ᠎ᠠ ᠲᠠᠶ ᠤᠤᠭᠠᠯ ᠪᠦᠲᠦᠭᠡᠯ ᠤ᠋ᠨ ᠲᠦᠷᠦᠯ ᠵᠦᠢᠯ ᠪᠤᠯᠬᠤ ᠪᠦᠬᠡᠳ 2021 ᠣᠨ ᠤ᠋ ᠥᠪᠡᠷᠲᠡᠭᠡᠨ ᠵᠠᠰᠠᠬᠤ ᠣᠷᠣᠨ ᠤ᠋ ᠲᠠᠢᠰᠠᠨ ᠤ᠋ ᠤᠷᠠᠯᠢᠭ ᠤ᠋ᠨ ᠰᠣᠳᠣᠨ ᠪᠦᠲᠦᠭᠡᠯ ᠤ᠋ᠨ ᠢᠨᠵᠧᠨᠧᠷᠢᠩ ᠳ᠋ᠤ ᠰᠣᠩᠭᠣᠭ᠍ᠳᠠᠵᠤ᠂ 2023 ᠣᠨ ᠳ᠋ᠤ ᠥᠪᠡᠷᠲᠡᠭᠡᠨ ᠵᠠᠰᠠᠬᠤ ᠣᠷᠣᠨ ᠤ᠋ ᠱᠢᠯᠢᠳᠡᠭ ᠵᠦᠴᠦᠭᠡ ᠵᠢᠨ ᠲᠣᠭ᠍ᠯᠠᠯᠲᠠ ᠵᠢᠨ ᠰᠠᠷ᠎ᠠ ᠵᠢᠨ ᠱᠢᠯᠢᠳᠡᠭ ᠱᠠᠩᠨᠠᠯ᠂ ᠳᠠᠭᠤᠤ ᠬᠥᠭ᠌ᠵᠢᠮ ᠤ᠋ᠨ ᠱᠠᠩᠨᠠᠯ ᠪᠠ ᠲᠣᠭ᠍ᠯᠠᠯᠲᠠ ᠵᠢᠨ ᠱᠠᠩᠨᠠᠯ ᠢ᠋ ᠬᠦᠷᠳᠡᠵᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面