ᠰᠣᠶᠣᠯ ᠤᠷᠠᠯᠢᠭ > ᠠᠷᠪᠠᠨ ᠲᠠᠪᠤᠳᠤᠭᠠᠷ ᠬᠤᠭᠤᠴᠠᠭᠠᠨ᠎ᠤ᠋ ᠲᠠᠮᠢᠷ᠎ᠤ᠋ᠨ ᠴᠤᠭᠯᠠᠭᠠᠨ

2023-08-08 10:50:33

ᠵᠣᠬᠢᠶᠠᠭ᠍ᠴᠢ᠄ ᠴᠠᠢ ᠰᠧ ᠶᠤᠸᠠᠨ ᠣᠩᠱᠢᠭ᠍ᠰᠠᠨ ᠣᠳᠠᠭ᠎ᠠ᠄ 3

ᠣᠢ ᠮᠣᠳᠣ ᠬᠥᠬᠡᠷᠡᠨ ᠨᠣᠭᠣᠭᠠᠷᠠᠵᠤ᠂ ᠪᠣᠯᠵᠣᠮᠣᠷ ᠱᠢᠪᠠᠭᠤ ᠵᠢᠷᠭᠢᠨ ᠲᠤᠩᠭᠤᠳᠴᠤ᠂ ᠬᠤᠸᠠᠷ ᠴᠡᠴᠡᠭ ᠮᠢᠷᠠᠯᠵᠠᠨ ᠳᠡᠯᠭᠡᠷᠡᠵᠦ᠂ ᠤᠷᠴᠢᠨ ᠲᠤᠭᠤᠷᠢᠨ ᠭᠤᠶᠤ ᠰᠠᠢᠬᠠᠨ ᠰᠡᠷᠢᠬᠦᠨ ᠲᠠᠭᠠᠯᠠᠮᠵᠢᠳᠡᠢ;ᠬᠣᠭᠣᠯᠠᠨ ᠭᠡᠷ᠂ ᠬᠠᠮ ᠳᠡᠯᠭᠡᠭᠦᠷ᠂ ᠡᠮᠨᠡᠯᠭᠡ ᠎ᠶ᠋ᠢᠨ ᠲᠠᠰᠤᠭ ᠢᠵᠢ ᠪᠦᠷᠢᠳᠦᠨ᠂ ᠳᠤᠳᠤᠨᠤ ᠦᠶ᠋ᠯᠡᠴᠢᠯᠡᠭᠡ ᠨᠢ ᠲᠠᠮᠢᠷᠴᠢᠳ ᠎ᠲᠤ ᠲᠠᠭᠠᠰᠢᠶᠠᠭᠳᠠᠨ᠎ᠠ᠃

8 ᠰᠠᠷ᠎ᠠ᠎ᠶ᠋ᠢᠨ 5 ᠎ᠤ᠋ ᠡᠳᠦᠷ᠂ ᠰᠤᠷᠪᠤᠯᠵᠢᠯᠠᠭ᠍ᠴᠢ ᠥᠪᠡᠷᠲᠡᠭᠡᠨ ᠵᠠᠰᠠᠬᠤ ᠣᠷᠣᠨ ᠎ᠤ ᠠᠷᠪᠠᠨ ᠲᠠᠪᠤᠳᠤᠭᠠᠷ ᠬᠤᠭᠤᠴᠠᠭᠠᠨ᠎ᠤ ᠲᠠᠮᠢᠷ᠎ᠤᠨ ᠴᠤᠭ᠍ᠯᠠᠭᠠᠨ ᠎ᠤ ᠲᠠᠮᠢᠷᠴᠢᠳ ᠎ᠤᠨ ᠲᠣᠰᠭᠣᠨ᠎ᠳᠤ ᠬᠦᠷᠬᠦ᠌᠎ᠳᠦ᠂ ᠵᠦᠭᠡᠭᠡᠪᠦᠷᠢ ᠵᠢᠨ ᠮᠠᠰᠢᠨ ᠲᠡᠷᠭᠡ ᠶᠠᠭ ᠰᠠᠢᠬᠠᠨ ᠲᠠᠮᠢᠷᠴᠢᠳ᠂ ᠰᠤᠷᠭᠠᠭ᠍ᠴᠢ ᠵᠢ ᠲᠤᠰᠴᠤ ᠬᠦᠷᠭᠡᠭᠡᠳ ᠶᠠᠭᠠᠷᠠᠯᠳᠠᠢ᠂ ᠰᠢᠨ᠎ᠡ 《ᠲᠣᠰᠭᠣᠨ ᠎ᠤ ᠠᠷᠠᠳ》ᠵᠠᠯᠭᠠᠭ᠎ᠠ ᠪᠡᠷ ᠲᠤᠰᠬᠤᠨ ᠳ᠋ᠤ ᠤᠷᠤᠵᠤ ᠰᠠᠭᠤᠵᠠᠭᠠᠵᠠᠢ᠃

ᠲᠣᠰ ᠬᠤᠭᠤᠴᠠᠭᠠᠨ᠎ᠤ ᠲᠠᠮᠢᠷ ᠎ᠤᠨ ᠴᠤᠭ᠍ᠯᠠᠭᠠᠨ ᠎ᠤ ᠲᠠᠮᠢᠷᠴᠢᠳ᠎ᠤᠨ ᠲᠣᠰᠭᠣᠨ ᠪᠣᠯ ᠣᠷᠳᠣᠰ ᠬᠣᠲᠠ᠎ᠶ᠋ᠢᠨ ᠳᠡᠭᠡᠳᠦ ᠱᠢᠨ᠎ᠡ ᠮᠡᠷᠭᠡᠵᠢᠯ ᠎ᠦᠨ ᠬᠦᠷᠢᠶᠡᠯᠡᠩ ᠲᠣᠭᠣᠷᠢᠭ᠎ᠤᠨ ᠨᠡᠢᠲᠡ ᠎ᠶ᠋ᠢᠨ ᠲᠦᠷᠢᠶᠡᠰᠦᠨ ᠤᠷᠤᠨ ᠰᠠᠭᠤᠴᠠ ᠵᠢ ᠥᠭᠡᠷᠡᠴᠢᠯᠡᠨ ᠪᠠᠢᠭᠤᠯᠵᠤ᠂ ᠤᠷᠤᠯᠳᠤᠭᠠᠨ ᠎ᠤ ᠬᠤᠭᠤᠴᠠᠭᠠᠨ ᠎ᠳᠤ ᠳᠠᠭᠠᠭᠤᠯᠤᠭ᠍ᠴᠢ᠂ ᠳᠠᠰᠬᠠᠯᠵᠢᠭᠤᠯᠤᠭᠴᠢ᠂ ᠲᠠᠮᠢᠷᠴᠢᠳ᠎ᠲᠤ ᠬᠣᠨᠣᠭ ᠪᠠᠭᠤᠳᠠᠯ᠂ ᠢᠳᠡᠭᠡᠨ ᠤᠮᠳᠠᠭᠠᠨ ᠵᠡᠷᠭᠡ ᠦᠶ᠋ᠯᠡᠴᠢᠯᠡᠭᠡ ᠬᠠᠩᠭᠠᠨ᠎ᠠ᠃ ᠲᠠᠮᠢᠷᠴᠢᠳ᠎ᠤᠨ ᠲᠣᠰᠭᠣᠨ᠎ᠢ A ᠲᠣᠭᠣᠷᠢᠭ ᠪᠠ B ᠲᠣᠭᠣᠷᠢᠭ ᠭᠡᠵᠦ᠍ ᠬᠤᠪᠢᠶᠠᠵᠤ᠂ 7400 ᠭᠠᠷᠤᠶ ᠬᠥᠮᠦᠨ᠎ᠢ ᠵᠡᠷᠭᠡᠪᠡᠷ ᠪᠠᠭᠳᠠᠭᠠᠵᠤ ᠴᠢᠳᠠᠨ᠎ᠠ᠂ A ᠲᠣᠭᠣᠷᠢᠭ ᠪᠣᠯ ᠥᠪᠡᠷᠲᠡᠭᠡᠨ ᠵᠠᠰᠠᠬᠤ ᠣᠷᠣᠨ ᠎ᠤ ᠠᠷᠪᠠᠨ ᠲᠠᠪᠤᠳᠤᠭᠠᠷ ᠬᠤᠭᠤᠴᠠᠭᠠᠨ᠎ᠤ ᠲᠠᠮᠢᠷ᠎ᠤᠨ ᠴᠤᠭ᠍ᠯᠠᠭᠠᠨ ᠎ᠤ ᠱᠢᠨ᠎ᠡ᠎ᠪᠡᠷ ᠪᠠᠢᠭᠤᠯᠤᠭᠰᠠᠨ ᠲᠤᠭᠤᠷᠢᠭ ᠪᠣᠯᠤᠨ᠎ᠠ᠃ ᠥᠷᠥᠭᠡ ᠎ᠶ᠋ᠢ ᠬᠣᠶᠠᠷ ᠬᠥᠮᠦᠨ ᠎ᠦ ᠥᠷᠥᠭᠡ᠂ ᠭᠤᠷᠪᠠᠨ ᠬᠥᠮᠦᠨ ᠎ᠦ ᠥᠷᠥᠭᠡ ᠪᠠ ᠳᠥᠷᠪᠡᠨ ᠬᠥᠮᠦᠨ ᠎ᠦ ᠥᠷᠥᠭᠡ ᠭᠡᠵᠦ᠍ ᠬᠤᠪᠢᠶᠠᠨ᠂ ᠠᠵᠢᠯᠲᠠᠳ ᠲᠠᠮᠢᠷᠴᠢᠳ ᠎ᠤᠨ ᠨᠠᠰᠤ ᠵᠢᠯ᠂ ᠬᠥᠮᠦᠨ ᠎ᠦ ᠲᠣᠭ᠎ᠠ ᠵᠡᠷᠭᠡ ᠎ᠶ᠋ᠢ ᠪᠣᠳᠣᠯᠬᠢᠯᠠᠵᠤ᠂ ᠬᠠᠮᠤᠭ ᠎ᠤᠨ ᠵᠣᠬᠢᠰᠲᠠᠶ ᠲᠣᠬᠢᠷᠠᠭᠤᠯᠤᠯᠲᠠ ᠬᠢᠬᠦ᠌ ᠪᠣᠯᠤᠨ᠎ᠠ᠃

ᠡᠯ᠎ᠡ ᠲᠥᠯᠥᠭᠡᠯᠡᠭ᠌ᠴᠢᠳ᠎ᠦᠨ ᠠᠩᠭᠢ᠎ᠶ᠋ᠢᠨ ᠲᠣᠰᠭᠣᠨ᠎ᠳᠤ ᠣᠷᠣᠵᠤ ᠰᠠᠭᠤᠬᠤ ᠵᠢ ᠬᠦᠯᠢᠶᠡᠨ ᠠᠪᠬᠤ ᠠᠵᠢᠯ᠎ᠢ ᠰᠠᠢᠲᠤᠷ ᠬᠢᠬᠦ᠌᠎ᠶ᠋ᠢᠨ ᠲᠥᠯᠥᠭᠡ᠂ ᠤᠷᠤᠯᠳᠤᠭᠠᠨ᠎ᠤ ᠬᠡᠯᠲᠡᠰ᠎ᠦᠨ ᠮᠡᠳᠡᠭᠡ ᠵᠠᠩᠭᠢ᠎ᠶ᠋ᠢᠨ ᠬᠣᠯᠪᠣᠭ᠎ᠠ ᠠᠪᠬᠤ ᠳᠤᠭᠤᠢᠯᠠᠩ ᠨᠢ ᠲᠥᠯᠥᠭᠡᠯᠡᠭ᠌ᠴᠢᠳ᠎ᠦᠨ ᠠᠩᠭᠢ ᠬᠦᠷᠴᠦ ᠢᠷᠡᠬᠦ᠌ ᠎ᠡᠴᠡ 3 ᠡᠳᠦᠷ ᠎ᠦᠨ ᠡᠮᠦᠨ᠎ᠡ ᠡᠴᠡ ᠲᠠᠮᠢᠷᠴᠢᠳ᠎ᠤᠨ ᠲᠣᠰᠭᠣᠨ ᠳ᠋ᠤ ᠣᠷᠣᠵᠤ ᠰᠠᠭᠤᠬᠤ ᠬᠥᠮᠦᠰ᠎ᠦᠨ ᠣᠨᠣᠪᠴᠢᠲᠠᠶ ᠬᠦᠷᠴᠦ ᠢᠷᠡᠬᠦ ᠴᠠᠭ ᠵᠢᠴᠢ ᠬᠥᠮᠦᠨ ᠎ᠦ ᠲᠣᠭ᠎ᠠ ᠎ᠶ᠋ᠢ ᠬᠠᠩᠭᠠᠨ᠎ᠠ᠃ ᠮᠡᠳᠡᠭᠡ ᠵᠠᠩᠭᠢ᠎ᠶ᠋ᠢ ᠦᠨᠳᠦᠰᠦᠯᠡᠨ᠂ ᠭᠥᠯᠢᠶᠡᠨ ᠠᠪᠬᠤ ᠳᠤᠭᠤᠢᠯᠠᠩ ᠨᠢ ᠵᠠᠮ ᠬᠠᠷᠢᠯᠴᠠᠭᠠᠨ᠎ᠤ ᠳᠤᠭᠤᠢᠯᠠᠩ᠎ᠲᠠᠶ ᠬᠠᠮᠲᠤᠷᠠᠨ ᠲᠡᠷᠭᠡ ᠪᠠ ᠠᠵᠢᠯᠲᠠᠨ᠎ᠢ ᠵᠣᠬᠢᠶᠠᠨ ᠪᠠᠢᠭᠤᠯᠵᠤ ᠨᠢᠰᠭᠡᠯ᠎ᠦᠨ ᠪᠠᠭᠤᠳᠠᠯ᠂ ᠭᠠᠯᠲᠤ ᠲᠡᠷᠭᠡᠨ ᠥᠷᠲᠡᠭᠡ᠂ ᠮᠠᠱᠢᠨ ᠲᠡᠷᠭᠡᠨ ᠎ᠦ ᠥᠷᠲᠡᠭᠡ ᠎ᠳᠦ ᠬᠦᠷᠴᠦ᠍ ᠲᠥᠯᠥᠭᠡᠯᠡᠭ᠌ᠴᠢᠳ᠎ᠦᠨ ᠠᠩᠭᠢ᠎ᠶ᠋ᠢ ᠲᠤᠰᠤᠨ᠎ᠠ᠃

ᠲᠠᠮᠢᠷᠴᠢᠳ᠎ᠤᠨ ᠲᠣᠰᠭᠣᠨ᠎ᠳᠤ ᠬᠢᠲᠠᠳ ᠬᠣᠭᠣᠯᠠᠨ ᠭᠡᠷ᠂ ᠯᠠᠯᠤ ᠎ᠶ᠋ᠢᠨ ᠬᠣᠭᠣᠯᠠᠨ ᠭᠡᠷ ᠲᠣᠬᠢᠷᠠᠭᠤᠯᠵᠤ᠂ 6000 ᠭᠠᠷᠤᠶ ᠬᠥᠮᠦᠨ ᠬᠠᠮᠲᠤ ᠬᠣᠭᠣᠯᠠᠯᠠᠵᠤ ᠪᠣᠯᠤᠨ᠎ᠠ᠃ ᠲᠠᠮᠢᠷᠴᠢᠳ᠎ᠤᠨ ᠢᠳᠡᠭᠡᠨ᠎ᠦ ᠠᠮᠤᠷ ᠲᠦᠪᠰᠢᠨ᠎ᠢ ᠴᠢᠩᠭ᠎ᠠ ᠪᠠᠳᠤᠯᠠᠬᠤ ᠵᠢᠨ ᠲᠦᠯᠦᠭᠡ᠂ ᠢᠳᠡᠭᠡᠨ ᠎ᠦ ᠮᠠᠲ᠋ᠧᠷᠢᠶᠠᠯ ᠬᠤᠳᠠᠯᠳᠤᠨ ᠠᠪᠬᠤ ᠵᠢ ᠬᠠᠮᠢᠶ᠎ᠠ ᠪᠦᠬᠦᠢ ᠰᠠᠯᠠᠭ᠎ᠠ ᠮᠥᠴᠢᠷ ᠎ᠡᠴᠡ ᠲᠤᠰᠬᠠᠢ ᠬᠠᠷᠢᠭᠤᠴᠠᠵᠤ ᠪᠤᠢ᠃ ᠬᠣᠭᠣᠯᠠᠨ ᠭᠡᠷ᠎ᠦᠨ ᠣᠷᠣᠬᠤ ᠡᠭᠦᠳᠡᠨ᠎ᠳᠦ᠂ ᠢᠳᠡᠭᠡᠨ᠎ᠦ ᠲᠦᠷᠭᠡᠨ ᠱᠢᠯᠭᠠᠨ ᠪᠠᠢᠴᠠᠭᠠᠯᠲᠠ᠎ᠶ᠋ᠢᠨ ᠬᠠᠮᠢᠶ᠎ᠠ ᠪᠦᠬᠦᠢ ᠲᠣᠭ᠎ᠠ ᠪᠠᠷᠢᠮᠲᠠ᠎ᠶ᠋ᠢ ᠡᠳᠦᠷ ᠪᠦᠷᠢ ᠨᠠᠭᠠᠵᠤ᠂ ᠲᠠᠮᠢᠷᠴᠢᠳ ᠪᠣᠯᠤᠨ ᠠᠵᠢᠯᠲᠠᠨ ᠎ᠤ ᠰᠠᠨᠠᠭ᠎ᠠ ᠠᠮᠤᠷ ᠬᠤᠭᠤᠯᠠᠯᠠᠵᠤ᠂ ᠲᠠᠭᠠᠯᠠᠮᠵᠢᠲᠠᠢ ᠰᠠᠭᠤᠬᠤ᠎ᠶ᠋ᠢ ᠪᠠᠲᠤᠯᠠᠨ᠎ᠠ᠃

ᠲᠠᠮᠢᠷᠴᠢᠳ ᠎ᠤᠨ ᠲᠣᠰᠭᠣᠨ᠎ᠤ ᠬᠠᠷᠢᠭᠤᠴᠠᠯᠭᠠᠲᠠᠨ ᠯᠢᠦ ᠵᠢᠶᠠᠨ ᠵᠢᠶᠦ᠋ᠨ᠄ 《ᠮᠠᠨ᠎ᠤ ᠦᠶ᠋ᠯᠡᠴᠢᠯᠡᠭᠡᠨ᠎ᠤ ᠪᠠᠲᠤᠯᠠᠭ᠎ᠠ᠎ᠶ᠋ᠢᠨ ᠪᠦᠯᠬᠦᠮ᠎ᠤᠨ ᠬᠢᠨ ᠠᠷᠪᠠᠳᠤᠭᠠᠷ ᠬᠤᠭᠤᠴᠠᠭᠠᠨ᠎ᠤ ᠪᠥᠬᠥ᠌ ᠤᠯᠤᠰ᠎ᠤᠨ ᠴᠥᠭᠡᠨ ᠲᠣᠭᠠᠲᠤ ᠦᠨᠳᠦᠰᠦᠲᠡᠨ᠎ᠦ ᠤᠯᠠᠮᠵᠢᠯᠠᠯᠲᠤ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠎ᠤ ᠪᠠᠲᠤᠯᠠᠭ᠎ᠠ ᠵᠢᠨ ᠠᠵᠢᠯ᠎ᠳᠤ ᠣᠷᠣᠯᠴᠠᠵᠤ ᠥᠩᠭᠡᠷᠡᠵᠡᠶ᠃ ᠥᠪᠡᠷᠲᠡᠭᠡᠨ ᠵᠠᠰᠠᠬᠤ ᠣᠷᠣᠨ᠎ᠤ ᠠᠷᠪᠠᠨ ᠲᠠᠪᠤᠳᠤᠭᠠᠷ ᠬᠤᠭᠤᠴᠠᠭᠠᠨ᠎ᠤ ᠲᠠᠮᠢᠷ᠎ᠤᠨ ᠴᠤᠭᠯᠠᠭᠠᠨ᠎ᠤ ᠭᠥᠯᠢᠶᠡᠨ ᠠᠪᠬᠤ ᠠᠵᠢᠯ᠎ᠢ᠎ᠡᠨᠡ ᠵᠢᠯ ᠎ᠦᠨ 5 ᠰᠠᠷ᠎ᠠ ᠎ᠠᠴᠠ ᠡᠬᠢᠯᠡᠭᠦᠯᠦᠭ᠌ᠰᠡᠨ ᠪᠠᠢᠨ᠎ᠠ᠃ ᠤᠷᠲᠤ ᠬᠤᠭᠤᠴᠠᠭᠠᠨ᠎ᠤ ᠦᠶ᠋ᠯᠡᠴᠢᠯᠡᠭᠡᠨ᠎ᠦ ᠪᠠᠲᠤᠯᠠᠭ᠎ᠠ ᠎ᠶ᠋ᠢᠨ ᠠᠵᠢᠯ ᠪᠢᠳᠡᠨ᠎ᠳᠦ ᠨᠠᠩ ᠥᠨᠳᠥᠷ ᠱᠠᠭᠠᠷᠳᠠᠯᠭ᠎ᠠ ᠳᠤᠷᠠᠳᠴᠠᠢ᠂ ᠪᠢᠳᠡ ᠲᠤᠷᠰᠢᠯᠭ᠎ᠠ ᠪᠠᠨ ᠰᠠᠢᠳᠤᠷ ᠳ᠋ᠦᠩᠨᠡᠵᠦ᠍᠂ ᠨᠠᠩ ᠠᠮᠤᠷ ᠲᠦᠪᠱᠢᠨ ᠲᠠᠭᠠᠯᠠᠮᠵᠢᠲᠠᠶ ᠣᠷᠴᠢᠨ ᠲᠣᠭᠣᠷᠢᠨ ᠎ᠢ ᠬᠠᠩᠭᠠᠨ᠎ᠠ》 ᠭᠡᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面