ᠰᠣᠶᠣᠯ ᠤᠷᠠᠯᠢᠭ > ᠠᠷᠪᠠᠨ ᠲᠠᠪᠤᠳᠤᠭᠠᠷ ᠬᠤᠭᠤᠴᠠᠭᠠᠨ᠎ᠤ᠋ ᠲᠠᠮᠢᠷ᠎ᠤ᠋ᠨ ᠴᠤᠭᠯᠠᠭᠠᠨ

2023-08-25 11:53:40

ᠵᠣᠬᠢᠶᠠᠭ᠍ᠴᠢ᠄ ᠰᠦᠨ ᠯᠢ ᠶᠢᠡᠭ ᠮᠡᠷᠭᠡᠨᠪᠢᠯᠢᠭ ᠣᠩᠱᠢᠭ᠍ᠰᠠᠨ ᠣᠳᠠᠭ᠎ᠠ᠄ 3

8 ᠰᠠᠷ᠎ᠠ᠎ᠶ᠋ᠢᠨ 23 ᠡᠴᠡ 24 ᠎ᠦᠨ ᠡᠳᠦᠷ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ᠎ᠤᠵᠢᠷᠭᠤᠳᠤᠭᠠᠷ ᠬᠤᠭᠤᠴᠠᠭᠠᠨ᠎ᠤ ᠵᠡᠮᠳᠡᠭ᠌ᠴᠦᠳ᠎ᠦᠨ ᠲᠠᠮᠢᠷ᠎ᠤᠨ ᠴᠤᠭ᠍ᠯᠠᠭᠠᠨ ᠵᠢᠴᠢ ᠣᠨᠴᠠᠭᠠᠶ ᠣᠯᠢᠮᠫᠢᠺ᠎ᠤᠨᠲᠠᠮᠢᠷ᠎ᠤᠨ ᠴᠤᠭ᠍ᠯᠠᠭᠠᠨ᠎ᠤ ᠤᠮᠪᠠᠯᠲᠠ᠎ᠶ᠋ᠢᠨ ᠲᠥᠷᠥᠯ ᠤ᠋ᠨ ᠤᠷᠤᠯᠳᠤᠭᠠᠨ ᠣᠷᠳᠣᠰ ᠬᠣᠲᠠ᠎ᠶ᠋ᠢᠨ ᠪᠡᠶ᠎ᠡ᠎ᠶ᠋ᠢᠨᠲᠠᠮᠢᠷ᠎ᠤᠨ ᠦᠶ᠋ᠯᠡᠰ᠎ᠦᠨ ᠬᠥᠭ᠌ᠵᠢᠯᠲᠡ᠎ᠶ᠋ᠢᠨ ᠲᠥᠪ᠎ᠦᠨ ᠤᠮᠪᠠᠯᠲᠠ᠎ᠶ᠋ᠢᠨ ᠣᠷᠳᠣᠨ᠎ᠳᠤ ᠶᠠᠪᠤᠬᠳᠠᠵᠤ᠂ ᠪᠥᠬᠥ᠌ᠣᠷᠣᠨ᠎ᠤ 9 ᠠᠢᠮᠠᠭ ᠬᠣᠲᠠ᠎ᠠᠴᠠ ᠢᠷᠡᠭ᠌ᠰᠡᠨ 20 ᠭᠠᠷᠤᠶ ᠵᠡᠮᠳᠡᠭ ᠲᠠᠮᠢᠷᠴᠢᠳ ᠤᠷᠤᠯᠳᠤᠭᠠᠨ᠎ᠳᠤ ᠣᠷᠣᠯᠴᠠᠪᠠ᠃


640 (4).jpeg


ᠲᠤᠰ ᠤᠳᠠᠭᠠᠨ᠎ᠤ ᠤᠮᠪᠠᠯᠲᠠ᠎ᠶ᠋ᠢᠨᠤᠷᠤᠯᠳᠤᠭᠠᠨ ᠨᠢ ᠨᠢᠭᠡ ᠡᠳᠦᠷ ᠬᠠᠭᠠᠰ ᠶᠠᠪᠤᠭ᠍ᠳᠠᠵᠤ᠂ ᠮᠥᠴᠢ᠎ᠶ᠋ᠢᠨ ᠵᠡᠮᠳᠡᠭ ᠳᠠᠮᠢᠷᠴᠢᠳ᠎ᠤᠨ ᠳᠤᠭᠤᠢᠯᠠᠩ᠂ᠣᠶᠤᠨ᠎ᠤ ᠰᠠᠭᠠᠳ ᠲᠠᠢ ᠳᠠᠮᠢᠷᠴᠢᠳ᠎ᠤᠨ ᠳᠤᠭᠤᠢᠯᠠᠩ ᠬᠤᠪᠢᠶᠠᠨ᠂ 50 ᠮᠧᠲ᠋ᠷ᠎ᠦᠨ ᠴᠢᠯᠥᠭᠡᠲᠦ ᠤᠮᠪᠠᠯᠲᠠ᠂100 ᠮᠧᠲ᠋ᠷ᠎ᠦᠨ ᠴᠢᠯᠥᠭᠡᠲᠦ ᠤᠮᠪᠠᠯᠲᠠ᠂ 50 ᠮᠧᠲ᠋ᠷ᠎ᠦᠨ ᠮᠡᠯᠡᠬᠡᠶ ᠤᠮᠪᠠᠯᠲᠠ᠂ 100 ᠮᠧᠲ᠋ᠷ᠎ᠦᠨ ᠮᠡᠯᠡᠬᠡᠶᠤᠮᠪᠠᠯᠲᠠ ᠵᠡᠷᠭᠡ ᠪᠠᠭ᠎ᠠ ᠲᠦᠷᠦᠯ᠎ᠤᠨ ᠤᠷᠤᠯᠳᠤᠭᠠᠨ ᠎ᠢ ᠲᠤᠬᠢᠷᠠᠭᠤᠯᠪᠠ ᠃


微信图片_20230825115520.jpg


ᠤᠷᠤᠯᠳᠤᠭᠠᠨ᠎ᠤ ᠲᠠᠯᠠᠪᠤᠷ᠎ᠲᠤ᠂ᠲᠠᠮᠢᠷᠴᠢᠳ ᠤᠷ᠎ᠠ ᠴᠢᠳᠠᠪᠤᠷᠢ ᠪᠠᠨ ᠪᠠᠳᠠᠷᠭᠤᠯᠤᠨ᠂ ᠰᠢᠯᠢᠳᠡᠭ ᠬᠢᠷᠢ ᠪᠦᠳᠦᠮᠵᠢ ᠤᠯᠬᠤ ᠪᠡᠷ ᠮᠡᠷᠡᠢᠬᠦ᠎ᠳᠦ ᠦᠵᠡᠭ᠌ᠴᠢᠳ ᠪᠠᠢᠨ ᠲᠠᠬᠢᠨ ᠬᠠᠯᠠᠭᠤᠨ ᠠᠯᠠᠭ᠎ᠠ ᠲᠠᠰᠢᠯᠳᠠ ᠪᠡᠷ ᠵᠢᠡᠨ ᠲᠠᠮᠢᠷᠴᠢᠳ᠎ᠢ ᠤᠷᠮᠠᠱᠢᠭᠤᠯᠤᠨᠵᠣᠷᠢᠭ᠍ᠵᠢᠭᠤᠯᠵᠦ ᠪᠠᠢᠯ᠎ᠠ᠃ ᠣᠷᠳᠣᠰ ᠬᠣᠲᠠ᠎ᠶ᠋ᠢᠨ ᠲᠥᠯᠥᠭᠡᠯᠡᠭ᠌ᠴᠢᠳ᠎ᠦᠨ ᠠᠩᠭᠢ᠎ᠶ᠋ᠢᠨ ᠲᠠᠮᠢᠷᠴᠢᠨ ᠰᠦᠨ ᠢᠦᠶᠯᠢᠶᠠᠩ ᠪᠤᠯ ᠨᠢᠭᠡᠨ ᠵᠣᠵᠢᠭ ᠡᠪᠡᠳᠴᠢᠨ ᠳᠠᠢ ᠳᠠᠮᠢᠷᠴᠢᠨ ᠪᠤᠯᠤᠨ᠎ᠠ᠂ ᠲᠡᠷᠡ ᠳᠤᠰ ᠤᠷᠤᠯᠳᠤᠭᠠᠨ᠎ᠤ ᠡᠷᠡᠭ᠌ᠲᠡᠶ᠎ᠶ᠋ᠢᠨᠣᠶᠤᠨ᠎ᠤ ᠰᠠᠭᠠᠳ ᠲᠠᠢ ᠳᠠᠮᠢᠷᠴᠢᠳ᠎ᠤᠨ ᠳᠤᠭᠤᠢᠯᠠᠩ᠎ᠤᠨ S14 ᠳᠡᠰ᠎ᠤᠨᠤᠷᠤᠯᠳᠤᠭᠠᠨ᠎ᠤ 100 ᠮᠧᠲ᠋ᠷ᠎ᠦᠨ ᠮᠡᠯᠡᠬᠡᠶ ᠤᠮᠪᠠᠯᠲᠠ᠂ 50 ᠮᠧᠲ᠋ᠷ᠎ᠦᠨ ᠴᠢᠯᠥᠭᠡᠲᠦ ᠤᠮᠪᠠᠯᠲᠠ ᠪᠠ 100 ᠮᠧᠲ᠋ᠷ᠎ᠦᠨᠴᠢᠯᠥᠭᠡᠲᠦ ᠤᠮᠪᠠᠯᠲᠠ ᠵᠢᠨ ᠮᠠᠩᠯᠠᠶ ᠳ᠋ᠤ ᠲᠤᠳᠤᠷᠠᠵᠤ᠂ 3 ᠠᠯᠲᠠᠨ ᠮᠧᠳᠠᠯ ᠣᠯᠤᠭ᠍ᠰᠠᠨ ᠪᠠᠢᠨ᠎ᠠ᠃ 《ᠪᠢ ᠦᠷᠭᠦᠯᠵᠢᠯᠡᠨ ᠰᠠᠢᠲᠤᠷ ᠪᠤᠯᠪᠠᠰᠤᠷᠠᠵᠤ᠂ ᠨᠡᠩ ᠦᠨᠳᠦᠷ ᠠᠮᠵᠢᠯᠲᠠ ᠤᠯᠬᠤ ᠪᠡᠷ ᠴᠢᠷᠮᠠᠢᠨ᠎ᠠ》ᠭᠡᠵᠦ᠍ ᠰᠦᠨ ᠢᠦᠶ ᠯᠢᠶᠠᠩ ᠰᠡᠳᠭᠢᠯ ᠳᠣᠭ᠍ᠳᠣᠯᠤᠨ ᠶᠠᠷᠢᠨ᠎ᠠ᠃


微信图片_20230825115521.jpg


ᠱᠢᠷᠦᠭᠦᠨ ᠥᠷᠢᠰᠥᠯᠳᠦᠭᠡᠨ᠎ᠢᠶᠡᠷᠳᠠᠮᠵᠢᠨ᠂ ᠣᠷᠳᠣᠰ ᠬᠣᠲᠠ᠎ᠶ᠋ᠢᠨ ᠲᠥᠯᠥᠭᠡᠯᠡᠭ᠌ᠴᠢᠳ᠎ᠦᠨ ᠠᠩᠭᠢ 4 ᠠᠯᠲᠠᠨ ᠮᠧᠳᠠᠯ ᠣᠯᠵᠤ᠂ ᠬᠥᠯᠥᠨ ᠪᠣᠢᠷ ᠬᠣᠲᠠ᠎ᠶ᠋ᠢᠨᠲᠥᠯᠥᠭᠡᠯᠡᠭ᠌ᠴᠢᠳ᠎ᠦᠨ ᠠᠩᠭᠢ 3 ᠠᠯᠲᠠᠨ ᠮᠧᠳᠠᠯ ᠣᠯᠵᠤ᠂ ᠤᠯᠠᠭᠠᠨᠬᠠᠳᠠ ᠬᠣᠲᠠ᠎ᠶ᠋ᠢᠨ ᠲᠥᠯᠥᠭᠡᠯᠡᠭ᠌ᠴᠢᠳ᠎ᠦᠨᠠᠩᠭᠢ 2 ᠠᠯᠲᠠᠨ ᠮᠧᠳᠠᠯ ᠣᠯᠵᠤ᠂ ᠬᠥᠬᠡᠬᠣᠲᠠ᠎ᠶ᠋ᠢᠨ ᠲᠥᠯᠥᠭᠡᠯᠡᠭ᠌ᠴᠢᠳ᠎ᠦᠨ ᠠᠩᠭᠢ 1 ᠠᠯᠲᠠᠨ ᠮᠧᠳᠠᠯ ᠣᠯᠵᠠᠶ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面