ᠰᠣᠶᠣᠯ ᠤᠷᠠᠯᠢᠭ > ᠠᠷᠪᠠᠨ ᠳᠥᠷᠪᠡᠳᠦᠭᠡᠷ ᠬᠤᠭᠤᠴᠠᠭᠠᠨ᠎ᠤ᠋ ᠡᠪᠦᠯ᠎ᠦ᠋ᠨ ᠤᠯᠠᠷᠢᠯ᠎ᠤ᠋ᠨ ᠲᠠᠮᠢᠷ᠎ᠤ᠋ᠨ ᠴᠤᠭᠯᠠᠭᠠᠨ

2024-02-04 17:26:40

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠲᠠᠮᠢᠷᠴᠢᠨ ᠭᠠᠵᠠᠷ᠎ᠠᠴᠠ ᠵᠠᠭᠤᠨ ᠮᠧᠲᠷ ᠥᠨᠳᠥᠷ ᠳᠠᠪᠴᠠᠡᠭᠡᠴᠡ ᠭᠤᠯᠭᠤᠨ ᠪᠠᠭᠤᠵᠤ᠂ ᠱᠤᠩᠭᠤᠨ ᠬᠤᠷᠳᠤᠴᠠ ᠨᠡᠮᠡᠵᠦ᠂ ᠠᠭᠠᠷ᠎ᠲᠤ ᠦᠰᠦᠷᠦᠨ ᠭᠠᠷᠴᠤ᠂ 《V》ᠦᠰᠦᠭ᠎ᠦᠨ ᠬᠡᠯᠪᠡᠷᠢ ᠪᠡᠷ ᠭᠣᠶᠣ᠌ ᠰᠠᠢᠬᠠᠨ ᠬᠠᠶᠠᠯᠲᠠ᠎ᠶᠢᠨ ᠱᠤᠭᠤᠮ᠎ᠢ ᠵᠢᠷᠤᠵᠤ ᠭᠠᠷᠭᠠᠭᠰᠠᠨ᠎ᠤᠳᠠᠷᠠᠭ᠎ᠠ ᠭᠠᠵᠠᠷ᠎ᠲᠤ ᠪᠠᠭᠤᠨ᠎ᠠ᠂ ᠡᠨᠡ ᠪᠣᠯ ᠳᠠᠷᠤᠢ 《ᠡᠷᠡᠯᠬᠡᠭ ᠬᠥᠮᠥᠨ᠎ᠦᠲᠠᠮᠢᠷ᠎ᠤᠨ ᠬᠥᠳᠡᠯᠭᠡᠭᠡᠨ》 ᠭᠡᠭᠳᠡᠭᠰᠡᠨ ᠳᠠᠪᠴᠠᠡᠭ᠎ᠠᠴᠠ ᠬᠠᠷᠠᠢᠬᠤ ᠴᠡᠨᠡᠯᠡᠯᠲᠡᠪᠣᠯᠣᠨ᠎ᠠ᠃ 2 ᠰᠠᠷ᠎ᠠ ᠶ᠋ᠢᠨ 3᠎ᠤ ᠡᠳᠦᠷ ᠤᠯᠤᠰ᠎ᠤᠨ ᠳᠠᠪᠴᠠᠡᠭ᠎ᠤᠨ ᠬᠠᠷᠠᠢᠯᠲᠠ ᠶ᠋ᠢᠨ ᠲᠥᠪ᠎ᠦᠨ ᠬᠢᠨ ᠬᠣᠶᠠᠷᠤᠳᠠᠭᠠᠨ᠎ᠤ ᠡᠷᠡᠯᠬᠡᠭ ᠪᠠᠭᠠᠲᠤᠷᠴᠤᠳ᠎ᠤᠨ ᠤᠷᠤᠯᠳᠤᠭᠠᠨ᠎ᠳᠤ ᠣᠷᠣᠯᠴᠠᠵᠤ᠂ 《ᠠᠷᠪᠠᠨ ᠳᠥᠷᠪᠡᠳᠤᠭᠡᠷ ᠬᠤᠭᠤᠴᠠᠭᠠᠨ᠎ᠤ ᠡᠪᠤᠯ᠎ᠤᠨ ᠤᠯᠠᠷᠢᠯ᠎ᠤᠨ ᠲᠠᠮᠢᠷ᠎ᠤᠨ ᠴᠤᠭᠯᠠᠭᠠᠨ》᠎ᠤ ᠲᠠᠪᠴᠠᠩ᠎ᠤᠨ ᠬᠠᠷᠠᠢᠯᠲᠠ ᠶ᠋ᠢᠨ ᠴᠠᠨᠠᠯᠠᠯᠲᠠ ᠶ᠋ᠢᠨ ᠬᠠᠮᠤᠭ᠎ᠤᠨ ᠰᠣᠨᠢᠷᠬᠠᠯ ᠲᠠᠢᠲᠠᠪᠴᠠᠩ ᠬᠠᠷᠠᠢᠯᠲᠠ ᠶ᠋ᠢᠨ ᠤᠷᠤᠯᠳᠤᠭᠠᠨ᠎ᠳᠤ ᠭᠢᠷᠢᠨ ᠮᠤᠵᠢ ᠶ᠋ᠢᠨ ᠲᠥᠯᠥᠭᠡᠯᠡᠭᠴᠢᠳ᠎ᠦᠨ ᠠᠩᠭᠢ ᠶ᠋ᠢᠨ ᠰᠥᠩᠴᠢ ᠦ᠋ ᠪᠣᠯᠣᠨ ᠯᠢᠦ ᠴᠢ ᠲᠤᠰ ᠲᠤᠰ ᠢᠯᠡ ᠳᠤᠭᠤᠢᠯᠠᠩ᠎ᠤᠨ ᠡᠷᠡᠭᠲᠡᠢ ᠡᠮᠡᠭᠲᠡᠢ ᠶ᠋ᠢᠨ ᠬᠤᠪᠢ ᠬᠥᠮᠥᠨ᠎ᠦ ᠮᠠᠩᠯᠠᠢ᠎ᠳᠤᠰᠢᠯᠭᠠᠷᠠᠵᠠᠢ᠃

ᠡᠩ ᠲᠡᠷᠢᠭᠦᠨ᠎ᠳᠦ ᠢᠯᠡ ᠳᠤᠭᠤᠢᠯᠠᠩ᠎ᠤᠨ ᠡᠮᠡᠭᠲᠡᠢ᠎ᠶᠢᠨ ᠲᠠᠪᠴᠠᠩ ᠬᠠᠷᠠᠢᠯᠲᠠ ᠵᠢᠨ ᠤᠷᠤᠯᠳᠤᠭᠠᠨᠶᠠᠪᠤᠭᠳᠠᠵᠤ᠂ ᠭᠢᠷᠢᠨ ᠮᠤᠵᠢ ᠵᠢᠨ ᠲᠠᠮᠢᠷᠴᠢᠨ ᠯᠢᠦ ᠴᠢ᠎ᠢᠯᠡᠷᠬᠡᠢ ᠳᠠᠪᠠᠭᠤᠯᠢᠭ᠋ ᠲᠠᠢ ᠪᠠᠢᠵᠤ᠂ᠬᠠᠮᠤᠭ᠎ᠤᠨ ᠰᠡᠭᠦᠯ ᠳ᠋ᠦ᠍ᠨᠢ ᠶᠡᠷᠦᠩᠬᠡᠢ ᠬᠤᠪᠢ 205.1 ᠬᠤᠪᠢ ᠪᠠᠷ ᠠᠯᠲᠠᠨ ᠮᠧᠳᠠᠯ ᠣᠯᠵᠤ᠂ ᠮᠥᠩᠭᠥᠨᠮᠧᠳᠠᠯ ᠪᠠ ᠬᠦᠷᠡᠯ ᠮᠧᠳᠠᠯ᠎ᠢ ᠰᠧᠴᠤᠸᠠᠨ᠎ᠮᠤᠵᠢ ᠵᠢᠨ ᠳᠠᠮᠢᠷᠴᠢᠨ ᠳ᠋ᠦᠩ ᠪᠢᠩ᠂ ᠾᠧᠨᠠᠨ ᠮᠤᠵᠢ ᠵᠢᠨ ᠵᠧᠦ ᠱᠢ ᠢᠦᠢ ᠲᠤᠰ ᠲᠤᠰ ᠣᠯᠣᠭᠰᠠᠨ ᠪᠠᠢᠨ᠎ᠠ᠃ ᠢᠯᠡ ᠳᠤᠭᠤᠢᠯᠠᠩ᠎ᠤᠨᠡᠷᠡᠭᠲᠡᠢ ᠶ᠋ᠢᠨ ᠲᠠᠪᠴᠠᠩ ᠬᠠᠷᠠᠢᠯᠲᠠ ᠶ᠋ᠢᠨ ᠤᠷᠤᠯᠳᠤᠭᠠᠨ᠎ᠳᠤ ᠣᠷᠣᠯᠴᠠᠭᠰᠠᠨ ᠲᠠᠮᠢᠷᠴᠢᠳ ᠰᠢᠷᠦᠭᠦᠨᠮᠥᠷᠥᠢᠴᠡᠭᠡᠨ ᠢ᠋ᠶ᠋ᠡᠷ ᠳᠡᠮᠵᠢᠨ᠂ ᠭᠢᠷᠢᠨᠮᠤᠵᠢ ᠶ᠋ᠢᠨ ᠰᠥᠩ ᠴᠢ 182.4 ᠶ᠋ᠢᠨ ᠶᠡᠷᠦᠩᠬᠡᠢ ᠬᠤᠪᠢ᠎ᠪᠠᠷ ᠮᠠᠩᠯᠠᠢᠯᠠᠪᠠ᠂ ᠡᠨᠡ ᠨᠢ ᠮᠥᠨᠴᠦ᠍ ᠲᠡᠭᠦᠨ᠎ᠦ 《ᠠᠷᠪᠠᠨ ᠳᠥᠷᠪᠡᠳᠤᠭᠡᠷ ᠡᠪᠤᠯ᠎ᠤᠨ ᠴᠤᠭᠯᠠᠭᠠᠨ》᠎ᠦ ᠲᠠᠪᠴᠠᠩ ᠬᠠᠷᠠᠢᠯᠲᠠ ᠶ᠋ᠢᠨ ᠴᠠᠨᠠᠯᠠᠯᠳᠠ ᠵᠢᠨ ᠭᠤᠷᠪᠠᠳᠠᠭᠢ ᠠᠯᠲᠠᠨ ᠮᠧᠳᠠᠯ ᠪᠣᠯᠣᠨ᠎ᠠ᠃ ᠬᠠᠷᠠᠮᠥ᠋ᠷᠡᠨ ᠮᠤᠵᠢ ᠵᠢᠨ ᠲᠠᠮᠢᠷᠴᠢᠨ ᠵᠣᠣ ᠵᠢᠶᠠ ᠸᠸᠨ ᠳᠡᠳ᠋ᠯᠡᠵᠦ᠂ ᠾᠧᠨᠠᠨ ᠮᠤᠵᠢᠵᠢᠨ ᠲᠠᠮᠢᠷᠴᠢᠨ ᠵᠧᠦ ᠰᠢᠶᠣᠣ ᠶᠠᠩ ᠭᠤᠳᠠᠭᠠᠷ᠎ᠲᠦ ᠤᠷᠤᠵᠠᠢ᠃

ᠢᠷᠡᠯᠳᠡ᠄ ᠳᠠᠯ᠎ᠠ ᠨᠤᠳᠤᠭᠪᠦᠷᠢᠨ ᠵᠠᠭᠤᠴᠢᠯᠠᠭᠤᠷ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面