ᠰᠣᠶᠣᠯ ᠤᠷᠠᠯᠢᠭ > ᠠᠷᠪᠠᠨ ᠳᠥᠷᠪᠡᠳᠦᠭᠡᠷ ᠬᠤᠭᠤᠴᠠᠭᠠᠨ᠎ᠤ᠋ ᠡᠪᠦᠯ᠎ᠦ᠋ᠨ ᠤᠯᠠᠷᠢᠯ᠎ᠤ᠋ᠨ ᠲᠠᠮᠢᠷ᠎ᠤ᠋ᠨ ᠴᠤᠭᠯᠠᠭᠠᠨ

2024-02-05 10:05:08

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

2 ᠰᠠᠷ᠎ᠠ ᠶ᠋ᠢᠨ 3 ᠤ᠋ ᠦᠳᠡ ᠶ᠋ᠢᠨ ᠡᠮᠦᠨ᠎ᠡ᠂ ᠠᠷᠪᠠᠨ ᠳᠦᠷᠪᠡᠳᠦᠭᠡᠷ ᠬᠤᠭᠤᠴᠠᠭᠠᠨ ᠤ᠋ ᠪᠦᠬᠦ ᠤᠯᠤᠰ ᠤ᠋ᠨ ᠡᠪᠤᠯ ᠤ᠋ᠨ ᠤᠯᠠᠷᠢᠯ ᠤ᠋ᠨ ᠲᠠᠮᠢᠷ ᠤ᠋ᠨ ᠴᠤᠭᠯᠠᠭᠠᠨ ᠤ᠋ ᠭᠠᠯ ᠪᠠᠮᠪᠠᠷ ᠳᠠᠮᠵᠢᠭᠤᠯᠬᠤ ᠡᠬᠢᠯᠡᠯᠲᠡ ᠶ᠋ᠢᠨ ᠶᠤᠰᠤᠯᠠᠯ ᠬᠦᠯᠦᠨ ᠪᠦᠢᠷ ᠬᠤᠲᠠ ᠳ᠋ᠦ ᠶᠠᠪᠤᠭᠳᠠᠯ᠎ᠠ᠃


4939605_bilgt_1706967983368_m.jpg


ᠮᠠᠨᠵᠤᠤᠷ ᠬᠤᠲᠠ ᠶ᠋ᠢᠨ ᠤᠯᠤᠰ ᠤ᠋ᠨ ᠡᠭᠦᠳᠡ ᠵᠢᠨ ᠦᠵᠡᠮᠵᠢ ᠶ᠋ᠢᠨ ᠤᠷᠤᠨ ᠡᠴᠡ ᠭᠠᠯ ᠪᠠᠮᠪᠠᠷ ᠶ᠋ᠢᠡᠨ ᠡᠬᠢᠯᠡᠨ ᠳᠠᠮᠵᠢᠭᠤᠯᠪᠠ


ᠦᠳᠡ ᠶ᠋ᠢᠨ ᠡᠮᠦᠨᠡᠬᠢ 9 ᠴᠠᠭ ᠤ᠋ᠨ ᠦᠶ᠎ᠡ ᠪᠡᠷ ᠮᠠᠨᠵᠤᠤᠷ ᠬᠤᠳᠠ ᠶ᠋ᠢᠨ ᠤᠯᠤᠰ ᠤ᠋ᠨ ᠡᠭᠦᠳᠡ ᠶ᠋ᠢᠨ ᠦᠵᠡᠮᠵᠢ ᠶ᠋ᠢᠨ ᠣᠷᠣᠨ ᠪᠠᠶᠠᠷ ᠪᠠᠶᠠᠰᠬᠤᠯᠠᠡᠭᠲᠤ ᠠᠭᠤᠷ ᠠᠮᠢᠰᠭᠤᠯ᠎ᠢᠶᠠᠷ ᠪᠢᠯᠬᠠᠨ᠂ ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠰᠦᠯᠳᠡ ᠳᠠᠭᠤᠤ᠎ᠠᠭᠤᠳᠠᠮ ᠲᠠᠯᠠᠪᠠᠢ ᠳ᠋ᠦ ᠴᠤᠤᠷᠢᠶᠠᠳᠤᠵᠤ᠂ ᠳᠦᠷᠪᠡᠨ ᠵᠦᠭ ᠨᠢ᠋ᠮᠠᠨ ᠵᠤᠪᠬᠢᠰ ᠡᠴᠡ ᠬᠤᠷᠠᠨ ᠴᠤᠭᠯᠠᠷᠠᠭᠰᠠᠨ ᠦᠵᠡᠭᠴᠢ ᠲᠦᠮᠡᠨ ᠤ᠋ ᠬᠠᠯᠠᠭᠤᠨ ᠬᠠᠷᠠᠴᠠᠨ ᠳ᠋ᠦ ᠠᠷᠢᠭᠤᠨ ᠭᠠᠯ ᠳᠦᠷᠡᠯᠵᠡᠨ᠂ ᠨᠢᠭᠡᠳᠦᠭᠡᠷ ᠭᠠᠯ ᠪᠠᠮᠪᠠᠷᠴᠢᠨ ᠸᠠᠩ ᠬᠦᠶ ᠹᠠᠩ᠎ᠭᠠᠯ ᠪᠡᠮᠪᠡᠷ ᠢ᠋ ᠭᠠᠷᠳᠠᠨ ᠦᠨᠳᠦᠷ ᠲᠦ᠍ ᠡᠷᠭᠦᠵᠦ᠂ ᠦᠷᠭᠡᠨ ᠲᠦᠮᠡᠨ ᠤ᠋ ᠤᠤᠬᠠᠢ ᠬᠠᠰᠬᠢᠷᠤᠯᠲᠠ᠂ ᠬᠠᠯᠠᠭᠤᠨ ᠠᠯᠠᠭ᠎ᠠ ᠲᠠᠰᠢᠯᠲᠠ ᠶ᠋ᠢᠨ ᠳᠠᠭᠤᠨ ᠳ᠋ᠦ ᠠᠡᠭᠬᠠᠨ ᠤ᠋ ᠭᠠᠷᠤᠭ᠎ᠠ ᠡᠴᠡ ᠭᠠᠯ ᠪᠠᠮᠪᠠᠷ ᠢ᠋ ᠳᠠᠮᠵᠢᠭᠤᠯᠵᠤ ᠡᠬᠢᠯᠡᠭᠰᠡᠨ ᠪᠠᠢᠨ᠎ᠠ᠃


4939607_bilgt_1706967984227_m.jpg


ᠠᠷᠢᠭᠤᠨ ᠭᠠᠯ ᠤ᠋ᠨ ᠤᠴᠢ ᠵᠢ ᠬᠠᠳᠠᠭᠠᠯᠠᠨ ᠲᠠᠯᠪᠢᠵᠤ ᠪᠠᠢᠭ᠎ᠠ ᠨᠢ


ᠠᠷᠪᠠᠨ ᠳᠦᠷᠪᠡᠳᠦᠭᠡᠷ ᠬᠤᠭᠤᠴᠠᠭᠠᠨ ᠤ᠋ ᠪᠦᠬᠦ ᠤᠯᠤᠰ ᠤ᠋ᠨ ᠡᠪᠤᠯ ᠤ᠋ᠨ ᠤᠯᠠᠷᠢᠯ ᠤ᠋ᠨ ᠲᠠᠮᠢᠷ ᠤ᠋ᠨ ᠴᠤᠭᠯᠠᠭᠠᠨ ᠤ᠋ ᠭᠠᠯ ᠪᠠᠮᠪᠡᠷ ᠳᠠᠮᠵᠢᠭᠤᠯᠬᠤ ᠠᠵᠢᠯᠯᠠᠭ᠎ᠠ ᠨᠢ 《ᠮᠦᠰᠦ ᠴᠠᠰᠤᠨ ᠤ᠋ ᠤᠷᠭᠢᠯᠤᠮ᠎ᠠ ᠰᠡᠳᠬᠢᠯᠭᠡ ᠵᠢ ᠬᠦᠭᠵᠢᠭᠡᠵᠦ᠂ ᠳᠤᠮᠳᠠᠳᠤ ᠤᠯᠤᠰ ᠤ᠋ᠨ ᠬᠦᠰᠡᠯ ᠵᠡᠭᠦᠳᠦ ᠵᠢ ᠲᠡᠷᠭᠡᠯᠰᠢᠭᠦᠯᠦᠶ᠎ᠡ》 ᠭᠡᠬᠥ ᠪᠡᠷ ᠤᠷᠢᠶ᠎ᠠ ᠯᠤᠽᠥ᠋ᠡᠭ ᠪᠤᠯᠭᠠᠨ᠂ ᠬᠦᠯᠦᠨ ᠪᠤᠢᠷ ᠬᠤᠲᠠ ᠶ᠋ᠢᠨ 3 ᠬᠤᠰᠢᠭᠤ ᠬᠤᠲᠠ ᠲᠤᠭᠤᠷᠢᠭ ᠵᠢᠡᠷ ᠳᠠᠮᠵᠢᠭᠤᠯᠪᠠ᠃ ᠡᠯ᠎ᠡ ᠠᠵᠢᠯ ᠲᠦᠷᠦᠯ ᠤ᠋ᠨ ᠬᠢᠨ ᠡᠴᠡ ᠰᠢᠯᠭᠠᠷᠠᠭᠤᠯᠵᠤ᠂ ᠡᠪᠦᠯ ᠤ᠋ᠨ ᠤᠯᠠᠷᠢᠯ ᠤ᠋ᠨ ᠲᠠᠮᠢᠷ ᠤ᠋ᠨ ᠴᠤᠭᠯᠠᠭᠠᠨ ᠤ᠋ ᠬᠦᠰᠡᠯ ᠵᠡᠭᠦᠳᠦ ᠵᠢ ᠠᠴᠢᠶᠠᠯᠠᠭᠰᠠᠨ 65 ᠭᠠᠯ ᠪᠠᠮᠪᠠᠷᠴᠢᠨ ᠳᠦᠷᠡᠯᠵᠡᠨ ᠠᠰᠠᠭᠰᠠᠨ ᠭᠠᠯ ᠪᠠᠮᠪᠠᠷ ᠢ᠋ ᠠᠪᠴᠤ ᠮᠠᠨᠵᠤᠤᠷ ᠬᠤᠲᠠ ᠶ᠋ᠢᠨ ᠤᠯᠤᠰ᠎ᠤ᠋ᠨ ᠡᠭᠦᠳᠡᠨ ᠡᠴᠡ ᠮᠤᠷᠳᠠᠵᠤ᠂ ᠭᠦᠶᠦᠬᠦ᠌᠂ ᠮᠠᠱᠢᠨ ᠲᠡᠷᠭᠡᠨ ᠳ᠋ᠦ ᠰᠠᠭᠤᠬᠤ᠂ ᠮᠣᠷᠢ ᠤᠨᠤᠬᠤ᠂ ᠴᠠᠰᠤᠨ ᠲᠡᠭᠡᠷᠡᠬᠢ ᠮᠤᠲ᠋ᠤᠷ ᠤᠨᠤᠬᠤ ᠵᠡᠷᠭᠡ ᠭᠡᠯᠪᠡᠷᠢ ᠪᠡᠷ ᠤᠭᠰᠠᠷᠠᠭ᠎ᠠ ᠬᠡᠦᠬᠡᠯᠳᠡᠢ ᠶ᠋ᠢᠨ ᠲᠠᠯᠠᠪᠠᠢ᠂ ᠬᠠᠭᠤᠴᠢᠨ ᠪᠠᠷᠭᠤ ᠵᠢᠨ ᠲᠠᠯ᠎ᠠ ᠨᠤᠲᠤᠭ᠂ ᠬᠠᠢᠯᠠᠷ ᠲᠤᠭᠤᠷᠢᠭ ᠵᠡᠷᠭᠡ ᠶ᠋ᠢᠨ ᠢᠯᠡᠷᠬᠡᠢᠯᠡᠯᠲᠦ ᠲᠡᠮᠲᠡᠭ᠂ ᠲᠡᠤᠬᠡ ᠶ᠋ᠢᠨ ᠵᠡᠭᠡᠯᠢ ᠲᠤᠭᠤᠷᠢᠭ᠂ ᠰᠤᠶᠤᠯ ᠤ᠋ᠨ ᠤᠷᠳᠤᠨ᠂ ᠵᠢᠭᠤᠯᠴᠢᠯᠠᠯ ᠤ᠋ᠨ ᠦᠵᠡᠮᠵᠢ ᠵᠢᠨ ᠤᠷᠤᠨ ᠢ᠋ ᠬᠠᠮᠤᠷᠤᠭᠰᠠᠨ 64 ᠴᠡᠭ ᠶ᠋ᠢᠡᠷ ᠦᠡᠭᠭᠡᠷᠡᠵᠦ᠂ ᠠᠷᠪᠠᠨ ᠳᠥᠷᠪᠡᠳᠦᠭᠡᠷ ᠬᠤᠭᠤᠴᠠᠭᠠᠨ ᠤ᠋ ᠪᠥᠬᠥ᠌ ᠤᠯᠤᠰ ᠤ᠋ᠨ ᠡᠪᠦᠯ᠎ᠦᠨ ᠤᠯᠠᠷᠢᠯ ᠤ᠋ᠨ ᠲᠠᠮᠢᠷ ᠤ᠋ᠨ ᠴᠤᠭ᠍ᠯᠠᠭᠠᠨ ᠤ᠋ ᠭᠤᠤᠯ ᠲᠠᠯᠠᠪᠠᠶ ᠣᠷᠳᠣᠨ ᠪᠤᠯᠬᠤ ᠥᠪᠥᠷ ᠮᠣᠩᠭᠣᠯ ᠤ᠋ᠨ ᠮᠥᠰᠥᠨ ᠳᠡᠭᠡᠷᠡᠬᠢ ᠲᠠᠮᠢᠷ ᠤ᠋ᠨ ᠬᠥᠳᠡᠯᠭᠡᠭᠡᠨ᠎ᠦ ᠪᠣᠯᠪᠠᠰᠤᠷᠠᠯ ᠤ᠋ᠨ ᠲᠥᠪ᠎ᠲᠦ ᠬᠦᠷᠭᠡᠵᠦ᠂ ᠭᠠᠯ ᠪᠠᠮᠪᠠᠷ ᠲᠠᠮᠵᠢᠭᠤᠯᠬᠤ ᠠᠵᠢᠯᠯᠠᠭ᠎ᠠ ᠲᠡᠬᠦᠰ ᠠᠮᠵᠢᠯᠳᠠ ᠲᠠᠢ ᠦᠨᠳᠦᠷᠯᠡᠪᠡ᠃ ᠨᠦᠬᠦᠷᠯᠡᠯ ᠲᠡᠮᠡᠴᠡᠯ ᠪᠦᠯᠬᠦᠮᠳᠡᠯ ᠳᠠᠪᠰᠢᠯᠲᠠ ᠶ᠋ᠢᠨ ᠦᠷ᠎ᠡ ᠵᠢ ᠰᠠᠴᠤᠵᠤ᠂ 《ᠪᠣᠬᠢᠷᠲᠤᠯ ᠦᠭᠡᠢ᠂ ᠬᠠᠮᠲᠤ ᠪᠡᠷ ᠡᠳ᠋ᠯᠡᠬᠦ᠂ ᠨᠡᠬᠡᠭᠡᠯᠲᠡ ᠲᠠᠢ᠂ ᠠᠷᠢᠭᠤᠨ ᠴᠢᠭᠡᠴᠢ》 ᠤᠷᠤᠯᠳᠤᠭᠠᠨ ᠤ᠋ ᠣᠢᠯᠠᠭᠠᠭ᠍ᠳᠠᠬᠤᠨ ᠢ᠋ ᠪᠠᠳᠠᠷᠠᠭᠤᠯᠤᠨ᠂ ᠲᠠᠯ᠎ᠠ ᠨᠤᠲᠤᠭ ᠤ᠋ᠨ ᠬᠦᠪᠡᠭᠦᠳ ᠦᠬᠢᠳ ᠢ᠋ ᠲᠦᠯᠦᠭᠡᠯᠡᠨ 《ᠡᠪᠦᠯ ᠤ᠋ᠨ ᠤᠯᠠᠷᠢᠯ ᠤ᠋ᠨ ᠲᠠᠮᠢᠷ ᠤ᠋ᠨ ᠴᠤᠭᠯᠠᠭᠠᠨ ᠳ᠋ᠦ ᠬᠦᠴᠦ ᠨᠡᠮᠡᠷᠢᠯᠡᠵᠦ᠂ ᠡᠪᠦᠯ ᠤ᠋ᠨ ᠤᠯᠠᠷᠢᠯ ᠤ᠋ᠨ ᠲᠠᠮᠢᠷ ᠤ᠋ᠨ ᠴᠤᠭᠯᠠᠭᠠᠨ ᠳ᠋ᠦ ᠦᠢᠯᠡᠴᠢᠯᠡᠬᠦ》 ᠤᠷᠬᠢᠯᠤᠮ᠎ᠠ ᠬᠠᠯᠠᠭᠤᠨ ᠰᠡᠳᠬᠢᠯᠭᠡ ᠵᠢ ᠢᠯᠡᠳᠬᠡᠨ᠂ ᠬᠦᠯᠦᠨ ᠪᠤᠢᠷ ᠤ᠋ᠨ 《ᠬᠦᠴᠦᠯᠡᠨ ᠲᠡᠮᠡᠴᠡᠵᠦ᠂ ᠬᠦᠴᠢᠷ ᠢ᠋ ᠳᠠᠪᠠᠨ ᠲᠤᠭᠤᠯᠬᠤ》 ᠴᠤ ᠰᠢᠨ᠎ᠡ ᠳᠦᠷᠰᠦ ᠪᠠᠢᠳᠠᠯ ᠢ᠋ ᠢᠯᠡᠷᠡᠭᠦᠯᠦᠭᠰᠡᠨ ᠪᠠᠢᠨ᠎ᠠ᠃


4939598_bilgt_1706967978891.jpg


ᠲᠦᠪ ᠲᠸᠯᠸᠢᠰ ᠤ᠋ᠨ ᠨᠡᠷᠡᠲᠦ ᠬᠦᠲᠦᠯᠦᠭᠴᠢ · ᠭᠠᠯ ᠪᠠᠮᠪᠠᠷᠴᠢᠨ ᠪᠠᠢ ᠶᠠᠨ ᠰᠦᠡᠭ


ᠬᠠᠭᠤᠴᠢᠨ ᠪᠠᠷᠭᠤ ᠬᠤᠰᠢᠭᠤᠨ᠎ᠳᠤ ᠶᠠᠪᠤᠭᠳᠠᠭᠰᠠᠨ ᠭᠠᠯ ᠪᠠᠮᠪᠠᠷ ᠲᠠᠮᠵᠢᠭᠤᠯᠬᠤ ᠠᠵᠢᠯᠯᠠᠭ᠎ᠠ ᠵᠢᠨ ᠠᠬᠤᠢ ᠲᠠᠯᠠᠪᠠᠢ᠎ᠳᠤ ᠮᠤᠷᠢ ᠳᠠᠢ᠂ ᠲᠡᠮᠡᠭᠡ ᠲᠠᠢ᠂ ᠴᠠᠰᠤᠨ ᠲᠡᠭᠡᠷᠡᠬᠢ ᠮᠤᠲ᠋ᠤᠷ ᠲᠠᠢ ᠬᠦᠮᠦᠰ ᠭᠠᠯ ᠪᠠᠮᠪᠠᠷ ᠢ᠋ ᠬᠠᠮᠠᠭᠠᠯᠠᠨ ᠲᠠᠮᠵᠢᠭᠤᠯᠤᠭᠰᠠᠨ ᠪᠦᠭᠡᠳ᠂ ᠨᠢ᠋ᠮᠠᠳᠤᠭᠠᠷ ᠭᠠᠯ ᠪᠠᠮᠪᠠᠷᠴᠢᠨ ᠮᠢᠵᠢᠳᠳᠤᠷᠵᠢ ᠮᠤᠷᠢ ᠤᠨᠤᠨ ᠭᠠᠯ ᠪᠠᠮᠪᠠᠷ ᠲᠠᠮᠵᠢᠭᠤᠯᠪᠠ᠃


4939599_bilgt_1706967979376.jpg


ᠮᠦᠡᠭᠬᠡᠴᠠᠭᠠᠨ ᠪᠤᠯᠤᠨ ᠨᠢ᠋ᠮᠠᠳᠤᠭᠠᠷ ᠭᠠᠯ ᠪᠠᠮᠪᠠᠷᠴᠢᠨ ᠮᠢᠵᠢᠳᠳᠤᠷᠵᠢ ᠭᠠᠯ ᠪᠠᠮᠪᠠᠷ ᠶ᠋ᠢᠡᠨ ᠨᠤᠴᠤᠭᠠᠵᠤ ᠪᠠᠢᠭ᠎ᠠ ᠨᠢ


ᠭᠠᠯ ᠪᠠᠮᠪᠠᠷ ᠳᠠᠮᠵᠢᠭᠤᠯᠬᠤ ᠠᠵᠢᠯᠯᠠᠭ᠎ᠠ ᠶ᠋ᠢᠨ ᠬᠠᠮᠤᠭ ᠤ᠋ᠨ ᠴᠢᠬᠤᠯᠠ ᠭᠤᠤᠯ ᠴᠣᠭ᠍ᠴᠠ ᠪᠣᠯᠤᠭ᠍ᠰᠠᠨ ᠤ᠋ ᠬᠤᠪᠢ ᠳ᠋ᠦ᠂ ᠭᠠᠯ ᠪᠠᠮᠪᠠᠷᠴᠢᠨ ᠣᠯᠠᠨ ᠤ᠋ ᠠᠩᠬᠠᠷᠤᠯ᠎ᠢ ᠶᠡᠬᠡ ᠪᠡᠷ ᠲᠠᠲᠠᠭᠰᠠᠨ ᠪᠠᠢᠨ᠎ᠠ᠃ ᠬᠥᠯᠥᠨ ᠪᠤᠢ᠌ᠷ᠎ᠨᠤᠲᠤᠭᠲᠠᠢ ᠲᠥᠪ ᠲᠧᠯᠸᠢᠰ᠎ᠦᠨ ᠨᠡᠷᠡᠲᠦ ᠬᠥᠲᠥᠯᠥᠭ᠌ᠴᠢ ᠪᠠᠢ ᠶᠠᠨ ᠰᠦᠩ ᠪᠣᠯ ᠭᠠᠯ ᠪᠠᠮᠪᠠᠷᠴᠢᠨ ᠤ᠋ ᠵᠢᠱ᠌ᠢᠭ᠌ᠳᠡᠭ᠌ᠴᠢ ᠶ᠋ᠢᠨ ᠨᠢᠭᠡ ᠪᠣᠯᠤᠨ᠎ᠠ᠃ ᠲᠠᠯ᠎ᠠ ᠨᠤᠲᠤᠭ ᠤ᠋ᠨ ᠲᠦᠭ ᠲᠦᠮᠡᠨ ᠬᠥᠪᠡᠭᠦᠳ ᠥᠬᠢᠳ ᠤ᠋ᠨ ᠨᠢᠭᠡ ᠪᠣᠯᠤᠭ᠍ᠰᠠᠨ ᠤ᠋ ᠬᠤᠪᠢ ᠳ᠋ᠦ᠂ ᠲᠡᠷᠡ ᠢᠮᠠᠭ᠍ᠲᠠ ᠨᠤᠲᠤᠭ ᠤᠰᠤ᠎ᠲᠠᠢ ᠪᠠᠨ ᠰᠡᠳᠬᠢᠯ ᠵᠢᠷᠦᠭᠡ ᠪᠠᠨ ᠬᠤᠯᠪᠤᠵᠤ᠂ ᠨᠤᠲᠤᠭ ᠤᠰᠤᠨ ᠤ᠋ ᠪᠠᠨ ᠬᠦᠭᠵᠢᠯᠲᠡ ᠳ᠋ᠦ ᠦᠪᠡᠷ ᠤ᠋ᠨ ᠭᠡᠰᠡᠨ ᠬᠤᠪᠢ ᠨᠡᠮᠡᠷᠢ ᠪᠠᠨ ᠦᠵᠡᠭᠦᠯᠦᠭᠰᠡᠭᠡᠷ ᠢᠷᠡᠵᠡᠢ᠃ ᠲᠡᠷᠡ ᠪᠡᠷ᠄ 《ᠮᠢᠨᠦ ᠨᠤᠲᠤᠭ ᠬᠦᠯᠦᠨ ᠪᠤᠢᠷ ᠡᠢᠮᠦ ᠶᠡᠭᠡ ᠲᠠᠮᠢᠷ᠎ᠤᠨ ᠴᠤᠭᠯᠠᠭᠠᠨ᠎ᠢ ᠲᠦᠷᠦᠬᠦᠦ ᠤᠳᠠᠭ᠎ᠠ ᠡᠷᠬᠢᠯᠡᠵᠦ ᠪᠠᠢᠨ᠎ᠠ᠃ ᠪᠢ ᠲᠦᠷᠦᠭᠰᠡᠨ ᠨᠤᠲᠤᠭ᠎ᠤᠨ ᠵᠢᠡᠨ ᠡᠮᠦᠨ᠎ᠡ ᠡᠴᠡ ᠤᠮᠤᠭᠰᠢᠨ ᠪᠠᠶᠠᠷᠯᠠᠵᠦ ᠪᠠᠢᠨ᠎ᠠ᠃ ᠪᠢ ᠲᠦᠷᠦᠭᠰᠡᠨ ᠨᠤᠲᠤᠭ ᠲᠠᠭᠠᠨ ᠢᠷᠡᠵᠦ᠂ ᠭᠠᠯ ᠪᠠᠮᠪᠠᠷᠴᠢᠨ ᠪᠤᠯᠤᠭᠰᠠᠨ᠎ᠳᠠᠭᠠᠨ ᠲᠦᠢᠯ ᠵᠢᠡᠷ ᠪᠠᠶᠠᠷᠯᠠᠵᠤ ᠪᠠᠢᠨ᠎ᠠ᠃ ᠪᠢ ᠲᠤᠯᠤᠭ᠎ᠠ ᠤᠳᠠᠭ᠎ᠠ ᠭᠠᠯ ᠪᠠᠮᠪᠠᠷᠴᠢᠨ ᠪᠤᠯᠵᠦ ᠪᠠᠢᠨ᠎ᠠ᠂ ᠡᠳᠡᠭᠡᠷ ᠭᠠᠯ ᠪᠠᠮᠪᠠᠷ ᠵᠢᠡᠨ ᠪᠦᠬᠦᠨ᠎ᠢ ᠬᠦᠯᠦᠨ ᠪᠤᠢᠷ ᠲᠦ᠍ ᠬᠠᠨᠳᠢᠪᠯᠠᠬᠤ ᠪᠠᠷ ᠪᠤᠢ᠃ ᠬᠦᠯᠦᠨ ᠪᠤᠢᠷ ᠲᠦ᠍ ᠢᠷᠡᠭᠡᠷᠡᠢ᠃ ᠬᠦᠯᠦᠨ ᠪᠤᠢᠷ ᠬᠡᠵᠢᠶ᠎ᠡ ᠴᠦ᠍ ᠭᠡᠰᠡᠨ ᠲᠤᠩ ᠭᠤᠶᠤ!》 ᠭᠡᠵᠦ ᠪᠠᠶᠠᠷᠯᠠᠨ ᠶᠠᠷᠢᠵᠦ ᠪᠠᠢᠯ᠎ᠠ᠃


4939600_bilgt_1706967980057_m.jpg


ᠬᠠᠭᠤᠴᠢᠨ ᠪᠠᠷᠭᠤ ᠬᠤᠰᠢᠭᠤᠨ ᠤ᠋ ᠭᠠᠯ ᠪᠠᠮᠪᠠᠷ ᠳᠠᠮᠵᠢᠭᠤᠯᠬᠤ ᠲᠠᠯᠠᠪᠠᠢ ᠳ᠋ᠦ ᠮᠠᠯᠴᠢᠳ ᠬᠦᠷᠦᠯᠴᠡᠨ ᠢᠷᠡᠵᠦ ᠭᠠᠯ ᠪᠠᠮᠪᠠᠷ ᠳᠠᠮᠵᠢᠭᠤᠯᠬᠤ ᠵᠢ ᠰᠤᠨᠢᠷᠬᠠᠵᠤ ᠪᠠᠢᠭ᠎ᠠ ᠨᠢ


ᠭᠠᠯ ᠪᠠᠮᠪᠠᠷᠴᠢᠨ ᠪᠣᠯ ᠡᠪᠦᠯ᠎ᠦᠨ ᠤᠯᠠᠷᠢᠯ ᠤ᠋ᠨ ᠪᠡᠶ᠎ᠡ ᠶ᠋ᠢᠨ ᠲᠠᠮᠢᠷ ᠤ᠋ᠨ ᠴᠤᠭ᠍ᠯᠠᠭᠠᠨ ᠤ᠋ ᠢᠷᠠᠭᠤ ᠠᠯᠳᠠᠷ ᠤ᠋ᠨ ᠲᠥᠯᠥᠭᠡᠯᠡᠭ᠌ᠴᠢ ᠮᠥᠨ᠂ ᠲᠡᠷᠡ ᠨᠢ ᠬᠦᠰᠡᠯ ᠡᠷᠡᠮᠡᠯᠵᠡᠯ ᠪᠠ ᠣᠷᠭᠢᠯᠤᠮ᠎ᠠ ᠰᠡᠳᠭᠢᠯᠭᠡ᠎ᠶ᠋ᠢ ᠳᠠᠮᠵᠢᠭᠤᠯᠬᠤ ᠳᠠᠷᠬᠠᠨ ᠡᠭᠦᠷᠭᠡ᠎ᠶ᠋ᠢ ᠡᠭᠦᠷᠭᠡᠯᠡᠵᠦ᠍ ᠪᠠᠢᠳᠠᠭ ᠪᠥᠭᠡᠳ ᠪᠡᠶ᠎ᠡ ᠶ᠋ᠢᠨ ᠲᠠᠮᠢᠷ ᠤ᠋ᠨ ᠵᠣᠷᠢᠭ ᠰᠠᠨᠠᠭ᠎ᠠ ᠪᠠ ᠲᠡᠮᠡᠴᠡᠯ᠎ᠦᠨ ᠵᠣᠷᠢᠭ ᠰᠠᠨᠠᠭ᠎ᠠ᠎ᠶ᠋ᠢ ᠳᠡᠭᠡᠳᠦ ᠬᠡᠮᠵᠢᠶ᠎ᠡ᠎ᠪᠡᠷ ᠡᠷᠬᠢᠮᠯᠡᠨ ᠳᠡᠭᠡᠳᠦᠯᠡᠬᠦ᠌᠎ᠶ᠋ᠢ ᠲᠥᠯᠥᠭᠡᠯᠡᠵᠦ᠍ ᠪᠠᠢᠳᠠᠭ᠃ ᠡᠨᠡ ᠵᠢᠯ 62 ᠨᠠᠰᠤᠲᠠᠢ ᠥᠩᠭᠡᠷᠡᠭ᠌ᠰᠡᠨ᠎ᠦ ᠲᠦᠷᠭᠡᠨ ᠲᠡᠱᠢᠯᠲᠡ ᠶ᠋ᠢᠨ ᠲᠠᠮᠢᠷᠴᠢᠨ ᠸᠠᠩ ᠬᠦᠢ ᠹᠠᠩ ᠪᠣᠯ ᠠᠷᠪᠠᠨ ᠳᠦᠷᠪᠡᠳᠦᠭᠡᠷ ᠬᠤᠭᠤᠴᠠᠭᠠᠨ ᠤ᠋ ᠪᠦᠬᠦ ᠤᠯᠤᠰ ᠤ᠋ᠨ ᠡᠪᠤᠯ ᠤ᠋ᠨ ᠤᠯᠠᠷᠢᠯ ᠤ᠋ᠨ ᠲᠠᠮᠢᠷ ᠤ᠋ᠨ ᠴᠤᠭᠯᠠᠭᠠᠨ ᠤ᠋ ᠨᠢᠭᠡᠳᠦᠭᠡᠷ ᠭᠠᠯ ᠪᠠᠮᠪᠠᠷᠴᠢᠨ ᠪᠣᠯᠤᠨ᠎ᠠ᠃ 《ᠭᠠᠯ ᠪᠠᠮᠪᠠᠷ ᠳᠠᠮᠵᠢᠭᠤᠯᠬᠤ᠎ᠪᠠᠷ ᠳᠠᠮᠵᠢᠨ ᠪᠡᠶ᠎ᠡ ᠶ᠋ᠢᠨ ᠲᠠᠮᠢᠷ ᠤ᠋ᠨ ᠵᠣᠷᠢᠭ ᠰᠠᠨᠠᠭ᠎ᠠ᠎ᠶ᠋ᠢ ᠳᠠᠮᠵᠢᠭᠤᠯᠵᠤ᠂ ᠨᠠᠩ ᠣᠯᠠᠨ ᠬᠥᠮᠦᠰ᠎ᠢ ᠳᠠᠢᠴᠢᠯᠠᠨ ᠮᠥᠰᠥ᠍ ᠴᠠᠰᠤᠨ ᠤ᠋ ᠲᠠᠮᠢᠷ ᠤ᠋ᠨ ᠬᠥᠳᠡᠯᠭᠡᠭᠡᠨ᠎ᠳᠦ ᠪᠠᠬᠠᠲᠠᠶ ᠪᠤᠯᠭᠠᠨ᠂ ᠪᠡᠶ᠎ᠡ ᠶ᠋ᠢᠨ ᠲᠠᠮᠢᠷ ᠤ᠋ᠨ ᠬᠥᠳᠡᠯᠭᠡᠭᠡᠨ᠎ᠳᠦ ᠢᠳᠡᠪᠬᠢᠲᠡᠶ ᠣᠷᠣᠯᠴᠠᠭᠤᠯᠬᠤ᠎ᠶ᠋ᠢ ᠬᠦᠰᠡᠵᠦ᠍ ᠪᠠᠢᠨ᠎ᠠ》 ᠭᠡᠵᠦ ᠸᠠᠩ ᠬᠦᠢ ᠹᠠᠩ ᠶᠠᠷᠢᠵᠤ ᠪᠠᠢᠯ᠎ᠠ᠃


4939603_bilgt_1706967981967_m.jpg


ᠮᠢᠵᠢᠳᠳᠤᠷᠵᠢ ᠮᠤᠷᠢᠪᠠᠨᠤᠨᠤᠭᠠᠳᠤᠨᠤᠭᠠᠳᠭᠠᠯᠪᠠᠮᠪᠠᠷᠳᠠᠮᠵᠢᠭᠤᠯᠵᠤ ᠪᠠᠢᠭ᠎ᠠ ᠨᠢ


ᠵᠢᠷᠤᠭ /ᠵᠤᠬᠢᠶᠠᠯ᠄ ᠲᠤᠰ ᠰᠤᠨᠢᠨ ᠰᠤᠷᠪᠤᠯᠵᠢᠯᠠᠭᠴᠢ ᠪᠢᠯᠢᠭᠳᠦ ᠴᠤᠪᠤᠭᠤ ᠬᠤᠢᠳᠤᠡᠤᠯᠤᠰ ᠬᠠᠨ ᠱᠢᠶᠤᠤ ᠢᠤᠢ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面