2024-02-12 17:28:54
ᠥᠷᠭᠡᠨ ᠠᠭᠤᠳᠠᠮ ᠴᠠᠰᠤᠨ ᠵᠠᠮ ᠳᠡᠭᠡᠷ᠎ᠡ ᠲᠠᠪᠠ ᠪᠡᠷ᠎ᠢᠶᠡᠨ ᠭᠤᠯᠭᠤᠵᠤ ᠪᠡᠶ᠎ᠡ ᠰᠡᠳᠬᠢᠯ᠎ᠤᠨ ᠴᠢᠯᠡᠭᠡ ᠪᠠᠨ ᠳᠠᠢᠯᠤᠨᠠ; ᠤᠯᠠᠭᠠᠨᠴᠠᠪ᠎ᠤᠨ ᠡᠷᠲᠡᠨ᠎ᠦ ᠬᠤᠲᠠ ᠪᠡᠷ ᠠᠯᠬᠤᠯᠠᠵᠤ ᠥᠪᠡᠷᠮᠢᠴᠡ ᠪᠥᠭᠡᠳ ᠷᠣᠮᠠᠨᠲ᠋ᠢᠭ ᠥᠩᠭᠡᠲᠦ ᠳ᠋ᠧᠩ᠎ᠤᠨ ᠰᠤᠨᠢᠬᠠᠨ ᠶᠢᠷᠳᠢᠨᠴᠦ ᠪᠡᠷ ᠠᠶᠠᠯᠠᠨ᠎ᠠ ᠁ᠡᠨᠡ ᠡᠪᠦᠯ᠂ ᠤᠯᠠᠭᠠᠨᠴᠠᠪ ᠬᠤᠲᠠ᠎ᠶ᠋ᠢᠨ ᠵᠢᠨᠢᠩ ᠲᠣᠭᠣᠷᠢᠭ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠢᠳᠡ ᠬᠦᠭᠢ ᠠᠱᠢᠭ᠍ᠯᠠᠨ᠂ ᠤᠯᠠᠭᠠᠨᠴᠠᠪ᠎ᠤᠨ《ᠮᠥᠰᠥ᠍ ᠴᠠᠰᠤᠨ᠎ᠤ ᠳᠤᠷᠠᠯᠠᠯ》 ᠬᠥᠳᠡᠯᠭᠡᠭᠡᠨ᠎ᠦ ᠤᠯᠠᠷᠢᠯ᠂ ᠤᠯᠠᠭᠠᠨᠴᠠᠪ᠎ᠤᠨ ᠡᠷᠲᠡᠨ᠎ᠦ ᠬᠤᠲᠠ᠎ᠶ᠋ᠢᠨ《ᠥᠩᠭᠡᠲᠦ ᠳ᠋ᠧᠩ᠎ᠦᠨ ᠪᠠᠷᠢᠯᠳᠤᠯᠭ᠎ᠠ》 ᠴᠠᠭᠠᠨ ᠰᠠᠷ᠎ᠠ ᠶ᠋ᠢᠨ ᠥᠯᠵᠡᠢᠲᠦ ᠳ᠋ᠧᠩ᠎ᠦᠨ ᠴᠤᠭ᠍ᠯᠠᠭᠠᠨ ᠵᠡᠷᠭᠡ ᠠᠵᠢᠯᠯᠠᠭ᠎ᠠ᠎ᠶ᠋ᠢ ᠵᠠᠯᠭᠠᠭ᠎ᠠ ᠪᠡᠷ ᠡᠷᠬᠢᠯᠡᠵᠦ᠍᠂ ᠬᠤᠯᠠ ᠤᠢᠷ᠎ᠠ᠎ᠶᠢᠨ ᠵᠣᠴᠢᠳ᠎ᠲᠤ ᠭᠣᠢᠳᠠ ᠰᠠᠢᠬᠠᠨ ᠮᠥᠰᠥ᠍ ᠴᠠᠰᠤᠨ᠎ᠤ ᠰᠣᠶᠣᠯ ᠵᠢᠭᠤᠯᠴᠢᠯᠠᠯ᠎ᠤᠨ ᠦᠪᠡᠳᠡᠭ᠌ᠰᠢ ᠴᠤᠭ᠍ᠯᠠᠭᠠᠨ᠎ᠢ ᠵᠠᠯᠭᠠᠭ᠎ᠠ᠎ᠪᠠᠷ ᠡᠷᠬᠢᠯᠡᠵᠦ ᠥᠭ᠌ᠴᠡᠢ᠃
ᠴᠠᠰᠤᠨ᠎ᠳᠤ ᠭᠤᠯᠭᠤᠬᠤ ᠪᠠᠬᠠᠲᠠᠶ ᠬᠥᠮᠦᠰ᠎ᠦᠨ ᠠᠳᠠᠯᠢ ᠪᠤᠰᠤ ᠬᠡᠷᠡᠭ᠌ᠴᠡᠭᠡ᠎ᠶ᠋ᠢ ᠬᠠᠩᠭᠠᠬᠤ᠎ᠶ᠋ᠢᠨ ᠲᠥᠯᠥᠭᠡ᠂ ᠵᠢᠨᠢᠩ ᠲᠣᠭᠣᠷᠢᠭ᠎ᠤᠨ ᠳ᠋ᠠ ᠾᠧ ᠸᠠᠨ᠎ᠤ ᠵᠢᠭᠤᠯᠴᠢᠯᠠᠯ ᠠᠮᠠᠷᠠᠯᠲᠠ᠎ᠶ᠋ᠢᠨ ᠲᠤᠭᠤᠷᠢᠭ ᠨᠢ ᠤᠤᠯ᠎ᠤᠨ10 ᠵᠤᠷᠪᠤᠰ ᠴᠠᠰᠤᠨ ᠵᠠᠮ ᠪᠠᠢᠭᠰᠠᠨ ᠡᠴᠡ ᠪᠠᠨ 17 ᠵᠤᠷᠪᠤᠰ ᠴᠠᠰᠤᠨ ᠵᠠᠮ(ᠲᠣᠭᠣᠷᠢᠭ)ᠪᠣᠯᠭᠠᠨ ᠨᠡᠮᠡᠭ᠌ᠳᠡᠬᠦᠯᠵᠦ᠍᠂ ᠰᠢᠨ᠎ᠡ ᠭᠠᠷ᠎ᠲᠦ ᠵᠤᠷᠢᠭᠤᠯᠤᠭᠰᠠᠨ ᠴᠡᠴᠡᠷᠯᠢᠭ᠂ ᠡᠴᠢᠭᠡ ᠡᠬᠡ ᠦᠷ᠎ᠡ ᠬᠡᠦᠬᠡᠳ᠎ᠦᠨ ᠲᠡᠱᠢᠯᠲᠡ᠎ᠶ᠋ᠢᠨ ᠪᠣᠯᠪᠠᠰᠤᠷᠠᠯ᠎ᠤᠨ ᠲᠣᠭᠣᠷᠢᠭ᠂ ᠠᠩᠬ᠎ᠠ ᠰᠤᠷᠤᠭ᠍ᠰᠠᠳᠤᠨ ᠪᠣᠯᠪᠠᠰᠤᠷᠠᠯ᠎ᠤᠨ ᠲᠣᠭᠣᠷᠢᠭ᠂ ᠮᠠᠩᠯᠠᠢᠴᠤᠳᠤᠨ ᠴᠡᠴᠡᠷᠯᠢᠭ ᠵᠡᠷᠭᠡ ᠲᠠᠯᠠᠪᠤᠷ᠎ᠢ ᠱᠢᠨ᠎ᠡ᠎ᠪᠡᠷ ᠨᠡᠮᠡᠵᠡᠶ᠃ ᠡᠭᠦᠨ᠎ᠡᠴᠡ ᠭᠠᠳᠠᠨ᠎ᠠ᠂《ᠮᠥᠰᠥ᠍ ᠴᠠᠰᠤᠨ᠎ᠤ ᠳᠤᠷᠠᠯᠠᠯ》 ᠬᠥᠳᠡᠯᠭᠡᠭᠡᠨ᠎ᠦ ᠤᠯᠠᠷᠢᠯ᠎ᠤᠨ ᠬᠤᠭᠤᠴᠠᠭᠠᠨ᠎ᠳᠤ ᠵᠢᠨᠢᠩ ᠲᠣᠭᠣᠷᠢᠭ ᠪᠠᠰᠠ ᠮᠥᠰᠥ᠍ ᠴᠠᠰᠤᠨ᠎ᠤ ᠡᠯᠧᠮᠧᠨ᠋ᠲ ᠪᠣᠯᠤᠨ ᠮᠥᠰᠥᠨ ᠭᠤᠤᠯ᠂ ᠴᠠᠰᠤᠲᠤ ᠲᠠᠯ᠎ᠠ᠂ ᠠᠷᠠᠳ᠎ᠤᠨ ᠵᠠᠩ ᠦᠶ᠋ᠯᠡ᠎ᠶ᠋ᠢ ᠭᠦᠨᠵᠡᠭᠡᠶ ᠠᠭᠤᠰᠤᠯᠴᠠᠭᠤᠯᠵᠤ᠂ ᠠᠳᠠᠯᠢ ᠪᠤᠰᠤ ᠵᠣᠴᠢᠳ᠎ᠲᠤ ᠴᠢᠭ᠌ᠯᠡᠭᠦᠯᠦᠨ ᠱᠢᠨ᠎ᠡ ᠵᠢᠯ᠎ᠦᠨ ᠱᠢᠨ᠎ᠡ᠎ᠶ᠋ᠢᠨ ᠨᠢᠭᠡᠨ᠎ᠳᠦ ᠴᠠᠰᠤ ᠮᠥᠰᠥ ᠪᠡᠷ ᠳᠤᠭᠯᠠᠬᠤ ᠨᠠᠭᠠᠳᠤᠮ᠎ᠤᠨ ᠤᠯᠠᠷᠢᠯ᠂ ᠬᠡᠷ ᠪᠦᠯᠢ᠎ᠶ᠋ᠢᠨ ᠴᠠᠨᠠᠯᠠᠯᠳᠠ᠎ᠶᠢᠨ ᠥᠷᠢᠰᠥᠯᠳᠦᠭᠡᠨ᠎ᠦ ᠤᠷᠤᠯᠳᠤᠭᠠᠨ ᠵᠢᠴᠢ 《ᠸᠠᠩ ᠱᠢᠶᠠᠩ ᠮᠥᠰᠥᠨ᠎ᠳᠦ ᠬᠡᠪᠲᠡᠭᠰᠡᠨ ᠨᠢ》 ᠭᠡᠬᠦ ᠤᠯᠠᠮᠵᠢᠯᠠᠯᠲᠤ ᠰᠢ᠂《ᠴᠠᠰᠤ ᠮᠥᠰᠥᠨ᠎ᠦ ᠣᠷᠭᠢᠯᠤᠮ᠎ᠠ ᠰᠡᠳᠭᠢᠯᠭᠡ》 ᠭᠡᠬᠦ ᠪᠥᠵᠢᠭ᠂ 《ᠴᠠᠭᠠᠨ ᠠᠷᠤᠩ》ᠳᠠᠭᠤᠤ ᠬᠥᠭ᠌ᠵᠢᠮᠲᠦ ᠵᠦᠴᠦᠭᠡ ᠵᠡᠷᠭᠡ 30 ᠭᠠᠷᠤᠶ ᠵᠦᠶ᠋ᠯ᠎ᠦᠨ ᠭᠤᠤᠯ ᠰᠡᠳᠦᠪᠲᠦ ᠠᠵᠢᠯᠯᠠᠭ᠎ᠠ ᠥᠷᠨᠢᠭᠦᠯᠪᠡ᠃
ᠤᠯᠠᠭᠠᠨᠴᠠᠪ᠎ᠤᠨ ᠡᠷᠲᠡᠨ᠎ᠦ ᠬᠤᠲᠠ᠎ᠶ᠋ᠢᠨ《ᠥᠩᠭᠡᠲᠦ ᠳ᠋ᠧᠩ᠎ᠦᠨ ᠪᠠᠷᠢᠯᠳᠤᠯᠭ᠎ᠠ》ᠴᠠᠭᠠᠨ ᠰᠠᠷ᠎ᠠ᠎ᠶ᠋ᠢᠨ ᠥᠯᠵᠡᠢᠲᠦ ᠳ᠋ᠧᠩ ᠦᠨ ᠴᠤᠭ᠍ᠯᠠᠭᠠᠨ ᠳᠡᠭᠡᠷ᠎ᠡ᠂ ᠰᠣᠯᠣᠩᠭᠠᠷᠠᠨ ᠬᠢᠯᠠᠯᠵᠠᠭᠰᠠᠨ ᠥᠩᠭᠡᠲᠦ ᠳ᠋ᠧᠩᠦᠳ ᠨᠢ ᠭᠤᠢᠳᠠ ᠬᠢᠴᠡ᠂ ᠱᠢᠨ᠎ᠡ ᠰᠡᠪᠡᠭᠦᠨ ᠦᠵᠡᠮᠦᠷᠢ ᠲᠠᠢ ᠪᠠᠢᠵᠤ᠂ ᠵᠥᠭᠡᠯᠡᠨ ᠪᠦᠳᠡᠬᠢ ᠭᠡᠷᠡᠯᠲᠡᠶ ᠬᠠᠮᠳᠤ ᠭᠤᠢᠳᠠ ᠵᠢᠷᠤᠭ᠎ᠢ ᠵᠢᠷᠤᠭᠯᠠᠵᠤ ᠬᠥᠮᠦᠰ᠎ᠢ ᠰᠣᠭ᠍ᠲᠣᠭᠤᠷᠠᠭᠤᠯᠵᠤ ᠪᠠᠢᠯ᠎ᠠ᠃ ᠭᠢᠯᠲᠠᠭᠠᠨᠠᠮ᠎ᠠ ᠲᠤᠩᠭᠠᠯᠠᠭ ᠮᠥᠰᠥᠨ ᠱᠤᠭᠤᠮᠠᠯ᠂ ᠠᠮᠢᠳᠤᠯᠢᠭ ᠳᠦᠷᠰᠦᠯᠢᠭ ᠴᠠᠰᠤᠨ ᠱᠤᠭᠤᠮᠠᠯ ᠨᠢ ᠥᠩᠭᠡ ᠪᠦᠷᠢ᠎ᠶᠢᠨ ᠦᠵᠡᠰᠬᠦᠯᠡᠩ ᠳ᠋ᠧᠩ᠎ᠲᠡᠶ ᠰᠣᠯᠪᠢᠴᠠᠨ ᠥᠳᠭᠡᠨ ᠵᠤᠵᠠᠭᠠᠨ ᠪᠠᠶᠠᠷ᠎ᠤᠨ ᠡᠳᠦᠷ᠎ᠦᠨ ᠠᠭᠤᠷ ᠠᠮᠢᠰᠭᠤᠯ᠎ᠢ ᠪᠣᠶ ᠪᠣᠯᠭᠠᠬᠰᠠᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃