ᠰᠣᠶᠣᠯ ᠤᠷᠠᠯᠢᠭ > ᠠᠷᠪᠠᠨ ᠳᠥᠷᠪᠡᠳᠦᠭᠡᠷ ᠬᠤᠭᠤᠴᠠᠭᠠᠨ᠎ᠤ᠋ ᠡᠪᠦᠯ᠎ᠦ᠋ᠨ ᠤᠯᠠᠷᠢᠯ᠎ᠤ᠋ᠨ ᠲᠠᠮᠢᠷ᠎ᠤ᠋ᠨ ᠴᠤᠭᠯᠠᠭᠠᠨ

2024-02-17 13:11:53

ᠵᠣᠬᠢᠶᠠᠭ᠍ᠴᠢ᠄ ᠬᠠᠢ ᠵᠢᠶᠦ᠋ᠨ ᠢᠳᠡᠷᠡᠬᠦᠨ ᠰᠠᠨᠰᠠᠷ ᠣᠩᠱᠢᠭ᠍ᠰᠠᠨ ᠣᠳᠠᠭ᠎ᠠ᠄ 3

2 ᠰᠠᠷ᠎ᠠ᠎ᠶᠢᠨ 16 ᠎ᠤ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠤ ᠬᠣᠶᠠᠷ ᠲᠦᠷᠦᠯ᠎ᠦᠨ ᠢᠯᠠ ᠳᠤᠭᠤᠢᠯᠠᠩ᠎ᠤᠨ ᠤᠷᠤᠯᠳᠤᠭᠠᠨ᠎ᠤ ᠡᠮᠡᠭᠲᠡᠢ᠎ᠶᠢᠨ 10 ᠺᠢᠯᠤᠮᠧᠲᠷ᠎ᠤᠨ ᠤᠷᠤᠯᠳᠤᠭᠠᠨ᠂ ᠡᠷᠡᠭᠲᠡᠢ᠎ᠶᠢᠨ 12.5 ᠺᠢᠯᠤᠮᠧᠲᠷ᠎ᠤᠨ ᠤᠷᠤᠯᠳᠤᠭᠠᠨ᠂ ᠬᠡᠭᠡᠷᠡᠯᠡᠨ ᠴᠠᠨᠠᠯᠠᠬᠤ ᠢᠯᠠ ᠳᠤᠭᠤᠢᠯᠠᠩ᠎ᠤᠨ ᠡᠮᠡᠭᠲᠡᠢ᠎ᠶᠢᠨ 10 ᠺᠢᠯᠤᠮᠧᠲᠷ ( ᠴᠢᠯᠦᠭᠡᠲᠦ ᠮᠡᠷᠭᠡᠵᠢᠯ ) ᠂ ᠡᠷᠡᠭᠲᠡᠢ᠎ᠶᠢᠨ 15 ᠺᠢᠯᠤᠮᠧᠲᠷ (ᠴᠢᠯᠦᠭᠡᠲᠦ ᠮᠡᠷᠭᠡᠵᠢᠯ) ᠎ᠤᠨ 4 ᠲᠦᠷᠦᠯ᠎ᠦᠨ ᠤᠷᠤᠯᠳᠤᠭᠠᠨ ᠤᠯᠠᠭᠠᠨᠴᠠᠪ ᠬᠤᠳᠠ᠎ᠶᠢᠨ ᠯᠢᠶᠠᠩᠴᠧᠩ ᠎ᠤᠨ ᠤᠷᠤᠯᠳᠤᠭᠠᠨ᠎ᠤ ᠲᠣᠭᠣᠷᠢᠭ᠋᠎ᠲᠤ ᠶᠠᠪᠤᠭᠳᠠᠪᠠ᠃

ᠤᠷᠤᠯᠳᠤᠭᠠᠨ᠎ᠤ ᠳᠠᠯᠠᠪᠠᠢ᠎ᠶᠢᠨ ᠠᠭᠠᠷ᠎ᠤᠨ ᠲᠤᠯᠠᠭᠠᠨ ᠲᠦᠷᠦᠭᠦᠦ ᠬᠡᠳᠦᠨ ᠡᠳᠦᠷ᠎ᠡᠴᠡ ᠵᠢᠭᠠᠬᠠᠨ ᠳᠡᠭᠡᠭᠰᠢᠯᠡᠵᠦ᠂ ᠨᠠᠷᠠ ᠳᠤᠯᠠᠢᠨ ᠲᠡᠭᠷᠢ ᠤᠨᠴᠠ ᠴᠡᠯᠮᠡᠭ ᠪᠠᠢᠯ᠎ᠠ᠃ ᠤᠷᠤᠯᠳᠤᠭᠠᠨ᠎ᠤ ᠳᠠᠯᠠᠪᠠᠢ᠎ᠳᠤ ᠲᠠᠮᠢᠷᠴᠢᠳ ᠦᠷᠢᠰᠦᠯᠳᠤᠨ ᠲᠡᠮᠡᠴᠡᠵᠦ᠂ ᠴᠠᠨᠠᠯᠠᠯᠳᠠ᠎ᠶᠢᠨ ᠵᠠᠮ᠎ᠳᠡᠭᠡᠷ᠎ᠡ ᠬᠦᠴᠦ ᠴᠢᠳᠠᠯ ᠪᠠ ᠤᠷ᠎ᠠ ᠮᠡᠷᠭᠡᠵᠢᠯ᠎ᠢᠶᠡᠨ ᠰᠢᠯᠭᠠᠯ᠎ᠠ᠃

ᠡᠯ᠎ᠡ ᠠᠩᠭᠢ᠎ᠶᠢᠨ ᠲᠠᠮᠢᠷᠴᠢᠳ᠎ᠤᠨ ᠬᠤᠷᠴᠠ ᠰᠢᠷᠦᠭᠦᠨ ᠥᠷᠢᠰᠦᠯᠳᠦᠭᠡᠨ᠎ᠦ ᠳᠤᠮᠳᠠ᠂ ᠾᠧᠪᠧᠢ ᠵᠢᠨ ᠠᠩᠭᠢ᠎ᠶᠢᠨ ᠴᠦ ᠶᠤᠸᠠᠨ ᠮᠧᠩ ᠪᠣᠯᠣᠨ ᠯᠢᠶᠣᠤᠨᠢᠩ᠎ᠤᠨ ᠠᠩᠭᠢ᠎ᠶᠢᠨ ᠴᠧᠩ ᠹᠠᠩ ᠮᠢᠩ ᠲᠤᠰ ᠲᠤᠰ ᠡᠪᠦᠯ᠎ᠦᠨ ᠤᠯᠠᠷᠢᠯ᠎ᠤᠨ ᠬᠣᠶᠠᠷ ᠲᠦᠷᠦᠯ᠎ᠦᠨ ᠢᠯᠠ ᠳᠤᠭᠤᠢᠯᠠᠩ᠎ᠤᠨ ᠤᠷᠤᠯᠳᠤᠭᠠᠨ᠎ᠤ ᠡᠮᠡᠭᠲᠡᠢ᠎ᠶᠢᠨ 10 ᠺᠢᠯᠣᠮᠧᠲᠷ᠎ᠦᠨ ᠤᠷᠤᠯᠳᠤᠭᠠᠨ᠂ ᠡᠷᠡᠭᠲᠡᠢ᠎ᠶᠢᠨ 12.5 ᠺᠢᠯᠣᠮᠧᠲᠷ᠎ᠦᠨ ᠤᠷᠤᠯᠳᠤᠭᠠᠨ᠎ᠳᠦ ᠮᠠᠩᠯᠠᠢᠯᠠᠵᠠᠢ᠃ ᠬᠠᠷᠠᠮᠥ᠋ᠷᠡᠨ᠎ᠦ ᠠᠩᠭᠢ᠎ᠶᠢᠨ ᠴᠧᠨ ᠯᠢᠩ ᠱᠤᠸᠠᠩ ᠢᠯᠠ ᠳᠤᠭᠤᠢᠯᠠᠩ᠎ᠤᠨ ᠤᠷᠤᠯᠳᠤᠭᠠᠨ᠎ᠤ ᠡᠮᠡᠭᠲᠡᠢ᠎ᠶᠢᠨ 10 ᠺᠢᠯᠣᠮᠧᠲᠷ (ᠴᠢᠯᠦᠭᠡᠲᠦ ᠮᠡᠷᠭᠡᠵᠢᠯ) ᠎ᠤᠨ ᠤᠷᠤᠯᠳᠤᠭᠠᠨ᠎ᠳᠤ ᠮᠠᠩᠯᠠᠢᠯᠠᠵᠦ᠂ ᠴᠦᠩᠴᠢᠩ᠎ᠦᠨ ᠠᠩᠭᠢ᠎ᠶᠢᠨ ᠸᠠᠩ ᠴᠢᠶᠠᠩ ᠢᠯᠠ ᠳᠤᠭᠤᠢᠯᠠᠩ᠎ᠤᠨ ᠤᠷᠤᠯᠳᠤᠭᠠᠨ᠎ᠤ ᠡᠷᠡᠭᠲᠡᠢ᠎ᠶᠢᠨ 15 ᠺᠢᠯᠣᠮᠧᠲᠷ (ᠴᠢᠯᠦᠭᠡᠲᠦ ᠮᠡᠷᠭᠡᠵᠢᠯ) ᠎ᠤᠨ ᠤᠷᠤᠯᠳᠤᠭᠠᠨ᠎ᠳᠦ ᠮᠠᠩᠯᠠᠢᠯᠠᠵᠠᠢ᠃ ᠳᠤᠷᠠᠳᠤᠭᠤᠰᠢᠲᠠᠢ ᠨᠢ᠂ ᠸᠠᠩ ᠴᠢᠶᠠᠩ ᠲᠤᠬᠠᠢ᠎ᠶᠢᠨ ᠡᠳᠦᠷ ᠲᠤᠰ ᠤᠳᠠᠭᠠᠨ᠎ᠤ ᠤᠷᠤᠯᠳᠤᠭᠠᠨ᠎ᠤ ᠬᠤᠶᠠᠷ ᠠᠯᠲᠠᠨ ᠮᠧᠳᠠᠯ᠎ᠢ᠎ᠲᠤᠰᠴᠠᠢ᠃ ᠪᠦᠬᠦ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠳᠤ ᠠᠩᠬ᠎ᠠ ᠤᠳᠠᠭ᠎ᠠ ᠣᠷᠣᠯᠴᠠᠵᠦ ᠪᠠᠢᠭ᠎ᠠ ᠵᠠᠯᠠᠭᠤ ᠲᠠᠮᠢᠷᠴᠢᠨ ᠴᠧᠨ ᠯᠢᠩ ᠱᠤᠸᠠᠩ ᠮᠥᠨ ᠴᠦ᠍ ᠯᠠᠪᠳᠠᠭᠤᠨ ᠪᠠᠲᠤᠲᠠᠢ ᠴᠠᠨᠠᠯᠠᠯᠳᠠ᠎ᠶᠢᠨ ᠮᠡᠷᠭᠡᠵᠢᠯ ᠪᠠ ᠡᠷᠡᠰ ᠬᠠᠲᠠᠭᠤ ᠵᠣᠷᠢᠭ᠋᠎ᠢᠶᠠᠷ ᠬᠡᠭᠡᠷᠡᠯᠡᠨ ᠴᠠᠨᠠᠯᠠᠯᠳᠠ᠎ᠶᠢᠨ ᠢᠯᠠ ᠳᠤᠭᠤᠢᠯᠠᠩ᠎ᠤᠨ ᠡᠮᠡᠭᠲᠡᠢ᠎ᠶᠢᠨ 10 ᠺᠢᠯᠣᠮᠧᠲᠷ (ᠴᠢᠯᠦᠭᠡᠲᠦ ᠮᠡᠷᠭᠡᠵᠢᠯ) ᠎ᠤᠨ ᠤᠷᠤᠯᠳᠤᠭᠠᠨ᠎ᠳᠦ ᠮᠠᠩᠯᠠᠢᠯᠠᠵᠠᠢ᠃

ᠴᠧᠨ ᠯᠢᠩ ᠱᠤᠸᠠᠩ ᠄ 《ᠤᠳᠦ ᠪᠤᠯᠳᠠᠯ᠎ᠠ ᠴᠠᠨᠠᠯᠠᠯᠳᠠ᠎ᠶᠢ 5 ᠵᠢᠯ ᠪᠣᠯᠪᠠᠰᠤᠷᠠᠵᠠᠢ᠂ ᠴᠠᠨᠠᠯᠠᠯᠳᠠ ᠪᠤᠯ ᠶᠡᠬᠡ ᠰᠣᠨᠢᠷᠬᠠᠯᠲᠠᠢ ᠪᠡᠶ᠎ᠡ ᠵᠢᠨ ᠳᠠᠮᠢᠷ᠎ᠤᠨ ᠲᠦᠷᠦᠯ ᠪᠤᠯᠬᠤ ᠶᠤᠮ᠃ ᠠᠩᠬ᠎ᠠ ᠤᠳᠠᠭ᠎ᠠ ᠪᠦᠬᠦ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠳᠤ ᠤᠷᠤᠯᠴᠠᠭᠠᠳ ᠱᠠᠩᠨᠠᠯ ᠲᠤᠰᠤᠭᠰᠠᠨ᠎ᠳᠠᠭᠠᠨ ᠪᠠᠶᠠᠷᠯᠠᠵᠦ ᠪᠠᠢᠨ᠎ᠠ᠂ ᠤᠷᠤᠯᠳᠤᠭᠠᠨ᠎ᠳᠤ ᠦᠪᠡᠷ᠎ᠤᠨ ᠬᠠᠮᠤᠭ᠎ᠤᠨ ᠰᠠᠢᠨ ᠬᠢᠷᠢ ᠲᠦᠪᠰᠢᠨ᠎ᠢᠶᠡᠨ ᠪᠠᠳᠠᠷᠠᠭᠤᠯᠵᠦ ᠴᠢᠳᠠᠯ᠎ᠠ ᠭᠡᠮᠡᠨ ᠪᠤᠳᠤᠵᠦ ᠪᠠᠢᠨ᠎ᠠ 》 ᠭᠡᠵᠦ ᠰᠤᠷᠪᠤᠯᠵᠢᠯᠠᠭ᠎ᠠ ᠬᠦᠯᠢᠶᠡᠬᠦ᠎ᠳᠡᠭᠡᠨ ᠶᠠᠷᠢᠵᠦ ᠪᠠᠢᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面