ᠰᠣᠶᠣᠯ ᠤᠷᠠᠯᠢᠭ > ᠠᠷᠪᠠᠨ ᠳᠥᠷᠪᠡᠳᠦᠭᠡᠷ ᠬᠤᠭᠤᠴᠠᠭᠠᠨ᠎ᠤ᠋ ᠡᠪᠦᠯ᠎ᠦ᠋ᠨ ᠤᠯᠠᠷᠢᠯ᠎ᠤ᠋ᠨ ᠲᠠᠮᠢᠷ᠎ᠤ᠋ᠨ ᠴᠤᠭᠯᠠᠭᠠᠨ

2024-02-18 09:47:53

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

2 ᠰᠠᠷ᠎ᠠ᠎ᠶ᠋ᠢᠨ 16 ᠎ᠤ ᠡᠳᠦᠷ᠂ ᠠᠷᠪᠠᠨᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠭᠡᠭᠡᠷᠡᠯᠡᠬᠦ ᠴᠠᠨᠠᠯᠠᠯᠳᠠ᠎ᠶᠢᠨ ᠢᠯᠡ ᠲᠤᠭᠤᠢᠯᠠᠩ᠎ᠤᠨ ᠡᠮᠡᠭ᠌ᠲᠡᠶ᠎ᠶ᠋ᠢᠨ 10 ᠺᠢᠯᠣᠮᠧᠲ᠋ᠷ ( ᠴᠢᠯᠥᠭᠡᠲᠦᠮᠡᠷᠭᠡᠵᠢᠯ ) ᠎ᠤᠨ ᠤᠷᠤᠯᠳᠤᠭᠠᠨ ᠤᠯᠠᠭᠠᠨᠴᠠᠪ ᠬᠤᠳᠠ᠎ᠶᠢᠨᠯᠢᠶᠠᠩᠴᠧᠩ ᠤᠷᠤᠯᠳᠤᠭᠠᠨ᠎ᠤ ᠲᠣᠭᠣᠷᠢᠭ᠎ᠲᠤ ᠡᠬᠢᠯᠡᠵᠦ᠍᠂ ᠬᠤᠷᠴᠡ ᠱᠢᠷᠦᠭᠦᠨ ᠥᠷᠢᠰᠥᠯᠳᠦᠭᠡᠨ᠎ᠢᠶᠡᠷ ᠳᠡᠮᠵᠢᠨ ᠬᠠᠷᠠᠮᠥ᠋ᠷᠡᠨ᠎ᠦ ᠲᠠᠮᠢᠷᠴᠢᠨ ᠴᠧᠨ ᠯᠢᠩ ᠱᠤᠸᠠᠩ ᠮᠠᠩᠯᠠᠢᠯᠠᠪᠠ᠃


7D6A2997.JPG


7D6A3003.JPG


ᠭᠡᠭᠡᠷᠡᠯᠡᠬᠦ ᠴᠠᠨᠠᠯᠠᠯᠳᠠ᠎ᠶᠢᠨ ᠤᠷᠤᠯᠳᠤᠭᠠᠨ᠎ᠤᠦᠭᠰᠦᠬᠦ᠂ ᠤᠷᠤᠭᠤᠳᠠᠬᠤ᠂ ᠲᠡᠭ᠌ᠰᠢ ᠭᠠᠵᠠᠷ᠎ᠤᠨ ᠵᠠᠶ ᠨᠢ ᠲᠤᠰ ᠪᠦᠷᠢ ᠪᠦᠬᠦ᠌ ᠵᠠᠮ᠎ᠤᠨ ᠭᠤᠷᠪᠠᠨ᠎ᠤ ᠨᠢᠭᠡ᠎ᠶ᠋ᠢᠡᠵᠡᠯᠡᠵᠦ᠍᠂ ᠳᠠᠮᠢᠷᠴᠢᠳ᠎ᠤᠨ ᠡᠬᠢᠯᠡᠯᠳᠡ᠎ᠶᠢᠨ ᠱᠤᠭᠤᠮ ᠡᠴᠡ ᠭᠠᠷᠬᠤ ᠬᠡᠯᠪᠡᠷᠢ᠎ᠳᠦ ᠵᠠᠢ ᠠᠯᠤᠰᠯᠠᠵᠦ ᠮᠤᠷᠳᠠᠬᠤ᠂ᠬᠠᠮᠲᠤ᠎ᠪᠠᠷ ᠮᠣᠷᠳᠠᠬᠤ ᠬᠣᠶᠠᠷ ᠵᠦᠢᠯ ᠪᠠᠭ᠍ᠲᠠᠨ᠎ᠠ᠃ ᠵᠠᠢ ᠠᠯᠤᠰᠯᠠᠵᠦ ᠮᠤᠷᠳᠠᠬᠤ ᠨᠢ 30 ᠰᠧᠺᠦ᠋ᠨ᠋ᠳ᠋ ᠠᠯᠤᠰᠯᠠᠬᠤᠪᠦᠷᠢ ᠨᠢᠭᠡ ᠲᠠᠮᠢᠷᠴᠢᠨ ᠮᠣᠷᠳᠠᠵᠤ᠂ ᠡᠴᠦᠰ᠎ᠦᠨ ᠴᠡᠭ᠎ᠲᠦ ᠬᠦᠷᠬᠦ᠌᠎ᠳᠦ ᠬᠠᠮᠤᠭ ᠪᠠᠭ᠎ᠠ ᠴᠠᠭ ᠵᠠᠷᠤᠴᠠᠭᠤᠯᠤᠭᠰᠠᠨᠨᠢ ᠢᠯᠠᠨ᠎ᠠ᠃ ᠬᠠᠮᠲᠤ᠎ᠪᠠᠷ ᠮᠤᠷᠳᠠᠬᠤ ᠨᠢ ᠪᠤᠢ ᠪᠦᠬᠦᠢ ᠲᠠᠮᠢᠷᠴᠢᠳ ᠬᠠᠮᠲᠤ ᠮᠣᠷᠳᠠᠵᠤ᠂ ᠬᠠᠮᠤᠭ ᠲᠡᠷᠢᠭᠦᠨ᠎ᠳᠦᠡᠴᠦᠰ᠎ᠦᠨ ᠴᠡᠭ᠎ᠲᠦ ᠬᠦᠷᠦᠭ᠌ᠰᠡᠨ ᠨᠢ ᠢᠯᠠᠳᠠᠭ᠃


A72A1295.JPG


A72A1351.JPG


ᠤᠷᠤᠯᠳᠤᠭᠠᠨ᠎ᠳᠦ᠂ 30 ᠳ᠋ᠤᠭᠠᠷ᠎ᠲᠦ ᠮᠣᠷᠳᠠᠭ᠍ᠰᠠᠨᠴᠧᠨ ᠯᠢᠩ ᠱᠤᠸᠠᠩ᠂ ᠪᠡᠶ᠎ᠡ᠎ᠶ᠋ᠢᠨ ᠬᠦᠳᠡᠯᠦᠯ ᠪᠠᠷᠢᠯ ᠪᠠ ᠬᠦᠨᠳᠦ᠍᠎ᠶ᠋ᠢᠨ ᠲᠥᠪ᠎ᠢᠶᠡᠨ ᠠᠮᠢᠳᠤᠯᠢᠭ᠎ᠢᠶᠠᠷ ᠲᠤᠬᠢᠷᠠᠭᠤᠯᠤᠨᠬᠦᠴᠦᠯᠡᠨ ᠲᠡᠮᠡᠴᠡᠵᠦ᠂ ᠡᠴᠦᠰ᠎ᠲᠦ ᠵᠥᠪᠬᠡᠨ 27 ᠮᠢᠨᠦ᠋ᠲ 27 ᠰᠧᠺᠦ᠋ᠨ᠋ᠳ᠋ 4᠎ᠵᠢᠨ ᠴᠠᠭ ᠬᠡᠷᠡᠭ᠌ᠯᠡᠵᠦ᠍᠂ ᠲᠤᠰᠤᠷᠤᠯᠳᠤᠭᠠᠨ᠎ᠳᠤ ᠮᠠᠩᠯᠠᠢᠯᠠᠪᠠ᠃

ᠤᠷᠤᠯᠳᠤᠭᠠᠨ᠎ᠤ ᠳᠠᠷᠠᠭ᠎ᠠ ᠴᠧᠨ ᠯᠢᠩᠱᠤᠸᠠᠩ ᠰᠤᠷᠪᠤᠯᠵᠢᠯᠠᠭ᠎ᠠ ᠬᠦᠯᠢᠶᠡᠬᠦ᠌᠎ᠳᠡᠭᠡᠨ᠄《ᠤᠤᠯ ᠨᠢ ᠬᠦᠨᠳᠦ ᠬᠥᠩᠭᠡᠨ ᠪᠡᠶ᠎ᠠ ᠵᠢᠨ ᠲᠠᠮᠢᠷ᠎ᠢᠶᠡᠷ ᠪᠡᠯᠡᠳᠬᠡᠯᠬᠢᠵᠦ ᠪᠠᠢᠭᠰᠠᠨ᠂ ᠴᠠᠨᠠᠯᠠᠯᠳᠠ᠎ᠵᠢ 5 ᠵᠢᠯ ᠪᠣᠯᠪᠠᠰᠤᠷᠠᠵᠠᠶ᠂ ᠴᠠᠨᠠᠯᠠᠯᠳᠠ ᠪᠤᠯ ᠶᠡᠬᠡ ᠰᠤᠨᠢᠷᠬᠠᠯᠳᠠᠢ ᠪᠡᠶ᠎ᠠ ᠵᠢᠨ ᠳᠠᠮᠢᠷ᠎ᠤᠨ ᠲᠦᠷᠦᠯ ᠪᠤᠯᠤᠨ᠎ᠠ᠃ ᠠᠩᠬ᠎ᠠ ᠤᠳᠠᠭ᠎ᠠᠪᠦᠬᠦ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠳᠤ ᠤᠷᠤᠯᠴᠠᠭᠠᠳ ᠱᠠᠩᠨᠠᠯ ᠲᠤᠰᠤᠭᠰᠠᠨ᠎ᠳᠠᠭᠠᠨᠪᠠᠶᠠᠷᠯᠠᠵᠦ ᠪᠠᠢᠨ᠎ᠠ᠃ ᠦᠪᠡᠷ᠎ᠤᠨ ᠬᠠᠮᠤᠭ᠎ᠤᠨ ᠰᠠᠢᠨ ᠬᠢᠷᠢ ᠪᠦᠳᠦᠮᠵᠢ ᠪᠠᠨ ᠭᠠᠷᠭᠠᠭᠰᠠᠨ》 ᠭᠡᠵᠦ ᠪᠠᠢᠯ᠎ᠠ᠃


ᠰᠤᠷᠪᠤᠯᠵᠢᠯᠠᠭᠴᠢ᠂ ᠭᠡᠷᠡᠯ ᠵᠢᠷᠤᠭ᠄ ᠬᠠᠢ ᠵᠢᠶᠦ᠋ᠨ

ᠰᠡᠬᠦᠳᠡᠷᠯᠡᠭᠴᠢ᠂ ᠹᠢᠯᠢᠮ ᠦᠢᠯᠡᠳᠦᠭᠴᠢ᠄ ᠢᠳᠡᠷᠡᠬᠦᠨ ᠰᠠᠨᠰᠠᠷ

ᠬᠢᠨᠠᠭᠴᠢ᠄ ᠪᠢᠯᠢᠭᠲᠦ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面