ᠰᠣᠶᠣᠯ ᠤᠷᠠᠯᠢᠭ > ᠠᠷᠪᠠᠨ ᠳᠥᠷᠪᠡᠳᠦᠭᠡᠷ ᠬᠤᠭᠤᠴᠠᠭᠠᠨ᠎ᠤ᠋ ᠡᠪᠦᠯ᠎ᠦ᠋ᠨ ᠤᠯᠠᠷᠢᠯ᠎ᠤ᠋ᠨ ᠲᠠᠮᠢᠷ᠎ᠤ᠋ᠨ ᠴᠤᠭᠯᠠᠭᠠᠨ

2024-02-18 18:38:03

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

2 ᠰᠠᠷ᠎ᠠ᠎ᠶᠢᠨ 17᠎ᠤ ᠡᠳᠦᠷ᠂ ᠤᠤᠬᠠᠢ᠎ᠬᠠᠰᠬᠢᠷᠤᠯᠳᠠ ᠠᠯᠠᠭ᠎ᠠ᠎ᠳᠠᠰᠢᠯᠳᠠ᠎ᠶᠢᠨ ᠳᠠᠭᠤᠨ᠎ᠤ ᠲᠤᠮᠳᠠ ᠬᠦᠯᠦᠨ ᠪᠤᠢᠷ ᠬᠤᠳᠠ᠎ᠶᠢᠨ ᠵᠠᠯᠠᠨ ᠠᠢᠯ ᠤᠷᠤᠯᠳᠤᠭᠠᠨ᠎ᠤ ᠲᠤᠭᠤᠷᠢᠭ᠎ᠤᠨ ᠵᠢᠨ ᠯᠦᠩ ᠱᠠᠨ ᠴᠠᠨᠠᠯᠠᠯᠳᠠ᠎ᠶᠢᠨ ᠳᠠᠯᠠᠪᠠᠢ᠎ᠳᠤ ᠠᠷᠪᠠᠨ ᠲᠦᠷᠪᠡᠳᠦᠭᠡᠷ ᠬᠤᠭᠤᠴᠠᠭᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠳᠠᠮᠢᠷ᠎ᠤᠨ ᠴᠤᠭᠯᠠᠭᠠᠨ᠎ᠤ ᠴᠢᠯᠦᠭᠡᠳᠦ ᠴᠠᠨᠠᠯᠠᠯᠳᠠ᠎ᠶᠢᠨ ᠢᠯᠡ ᠲᠤᠭᠤᠢᠯᠠᠩ᠎ᠤᠨ ᠡᠷᠡᠭᠳᠡᠢ᠎ᠶᠢᠨ ᠳᠠᠢᠰᠠᠨ ᠡᠴᠡ ᠬᠠᠷᠠᠢᠬᠤ ᠤᠷᠤᠯᠳᠤᠭᠠᠨ ᠢᠳᠡ ᠬᠦᠭ ᠲᠠᠢ ᠶᠠᠪᠤᠭᠳᠠᠵᠦ᠂ ᠤᠷᠤᠯᠳᠤᠭᠠᠨ᠎ᠤ ᠳ᠋ᠦᠩ᠎ᠳᠦ ᠵᠠᠯᠠᠨ ᠠᠢᠯ ᠬᠤᠳᠠ ᠪᠡᠷ ᠨᠤᠲᠤᠭᠳᠠᠢ ᠲᠠᠮᠢᠷᠴᠢᠨ ᠶᠠᠩ ᠬᠤᠤ 52.75 ᠬᠤᠪᠢ ᠪᠡᠷ ᠲᠡᠷᠢᠬᠦᠯᠡᠵᠦ᠂ ᠦᠪᠦᠷ ᠮᠤᠨᠭᠭᠤᠯ᠎ᠤᠨ 12᠎ᠳᠡᠬᠢ ᠠᠯᠳᠠᠨ ᠮᠧᠳᠠᠯ᠎ᠢ ᠭᠠᠷᠳᠠᠯ᠎ᠠ᠃


截图20240218184436.png


《ᠶᠠᠩ ᠬᠤᠤ᠎ᠶᠢᠨ ᠦᠨᠦᠳᠦᠷ᠎ᠤᠨ ᠤᠷᠤᠯᠳᠤᠭᠠᠨ᠎ᠤ ᠪᠠᠢᠳᠠᠯ ᠶᠡᠬᠡ ᠰᠠᠢᠨ᠂ ᠤᠷᠤᠯᠳᠤᠭᠠᠨ ᠡᠴᠡ ᠡᠮᠦᠨ᠎ᠠ ᠵᠢᠭᠠᠬᠠᠨ ᠪᠡᠷᠳᠡᠯ ᠲᠠᠢ ᠪᠠᠢᠭᠰᠠᠨ᠎ᠴᠤ ᠶᠡᠷᠦ᠎ᠶᠢᠨ ᠴᠠᠭ᠎ᠤᠨ ᠬᠢᠷᠢ ᠲᠦᠪᠰᠢᠨ᠎ᠢᠶᠡᠨ ᠬᠠᠷᠠᠭᠤᠯᠵᠦ ᠴᠢᠳᠠᠭᠰᠠᠨ》 ᠭᠡᠵᠦ ᠶᠠᠩ ᠬᠤᠤ᠎ᠶᠢᠨ ᠲᠠᠰᠬᠠᠯᠵᠢᠭᠤᠯᠤᠬᠴᠢ ᠳ᠋ᠠᠢ ᠺᠠᠢ ᠪᠠᠶᠠᠷᠳᠠᠢᠬᠠᠨ ᠶᠠᠷᠢᠨ᠎ᠠ᠃ ᠶᠠᠩ ᠬᠤᠤ᠎ᠶᠢᠨ ᠠᠯᠳᠠᠨ ᠮᠧᠳᠠᠯ ᠲᠤᠰᠤᠭᠰᠠᠨ ᠪᠠᠶᠠᠷ᠎ᠤᠨ ᠮᠡᠳᠡᠭᠡ ᠦᠪᠦᠷ ᠮᠤᠨᠭᠭᠤᠯ᠎ᠢᠶᠡᠨ ᠲᠦᠯᠦᠬᠡᠯᠡᠨ ᠤᠷᠤᠯᠳᠤᠭᠠᠨ᠎ᠳᠦ ᠤᠷᠤᠯᠴᠠᠵᠦ ᠪᠠᠢᠭ᠎ᠠ ᠪᠦᠬᠦᠢᠯᠡ ᠳᠠᠮᠢᠷᠴᠢᠳ᠎ᠢ ᠤᠯᠠᠮ ᠤᠷᠮᠠᠰᠢᠭᠤᠯᠤᠨ ᠵᠤᠷᠢᠭᠵᠢᠭᠤᠯᠵᠦ᠂ ᠪᠦᠬᠦᠳᠡᠭᠡᠷ ᠶᠠᠩ ᠬᠤᠤ᠎ᠳᠦ ᠪᠠᠶᠠᠷ ᠬᠦᠷᠭᠡᠵᠦ ᠪᠠᠢᠯ᠎ᠠ᠃《ᠦᠪᠡᠷ᠎ᠤᠨ ᠲᠦᠷᠦᠭᠰᠡᠨ ᠨᠤᠲᠤᠭ᠎ᠲᠠᠭᠠᠨ ᠡᠨᠡ ᠬᠦ᠌ ᠲᠤᠮᠤ ᠤᠷᠤᠯᠳᠤᠭᠠᠨ᠎ᠳᠦ ᠤᠷᠤᠯᠴᠠᠭᠠᠳ ᠠᠯᠳᠠᠨ ᠮᠧᠳᠠᠯ ᠲᠤᠰᠤᠭᠰᠠᠨ᠎ᠳᠠᠭᠠᠨ ᠲᠤᠩ ᠶᠡᠬᠡ ᠪᠠᠶᠠᠷᠯᠠᠵᠦ ᠪᠠᠢᠨ᠎ᠠ᠃ ᠨᠠᠮ᠎ᠠ᠎ᠵᠢ ᠵᠤᠷᠢᠭᠵᠢᠭᠤᠯᠵᠦ ᠂ ᠲᠡᠮᠵᠢᠵᠦ ᠢᠷᠡᠭᠰᠡᠨ ᠪᠦᠬᠦ ᠬᠦᠮᠦᠰ᠎ᠲᠦ ᠳᠠᠯᠠᠷᠬᠠᠯ᠎ᠠ》 ᠭᠡᠵᠦ ᠶᠠᠩ ᠬᠤᠤ ᠲᠤᠭᠳᠤᠯᠤᠨ ᠬᠡᠯᠡᠨ᠎ᠠ᠃


ᠵᠤᠬᠢᠶᠠᠯ \\ ᠵᠢᠷᠤᠭ᠄ ᠲᠤᠰ ᠰᠣᠨᠢᠨ᠎ᠤ ᠰᠤᠷᠪᠤᠯᠵᠢᠯᠠᠭ᠍ᠴᠢ ᠪᠢᠯᠢᠭᠳᠦ ᠬᠦᠭᠵᠢᠯᠳᠦ ᠬᠦᠪᠴᠢᠨ ᠦᠨᠢᠷ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面