ᠰᠣᠶᠣᠯ ᠤᠷᠠᠯᠢᠭ > ᠠᠷᠪᠠᠨ ᠳᠥᠷᠪᠡᠳᠦᠭᠡᠷ ᠬᠤᠭᠤᠴᠠᠭᠠᠨ᠎ᠤ᠋ ᠡᠪᠦᠯ᠎ᠦ᠋ᠨ ᠤᠯᠠᠷᠢᠯ᠎ᠤ᠋ᠨ ᠲᠠᠮᠢᠷ᠎ᠤ᠋ᠨ ᠴᠤᠭᠯᠠᠭᠠᠨ

2024-02-18 19:14:20

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

2 ᠰᠠᠷ᠎ᠠ ᠵᠢᠨ17 ᠎ᠤ ᠡᠳᠦᠷ᠂ ᠠᠷᠪᠠᠨ ᠲᠦᠷᠪᠡᠳᠦᠭᠡᠷ ᠬᠤᠭᠤᠴᠠᠭᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠳᠠᠮᠢᠷ᠎ᠤᠨ ᠴᠤᠭᠯᠠᠭᠠᠨ᠎ᠤ ᠴᠢᠯᠦᠭᠡᠳᠦ ᠴᠠᠨᠠᠯᠠᠯᠳᠠ᠎ᠶᠢᠨ ᠢᠯᠡ ᠲᠤᠭᠤᠢᠯᠠᠩ᠎ᠤᠨ ᠳᠠᠢᠰᠠᠨ ᠡᠴᠡ ᠬᠠᠷᠠᠢᠬᠤ ᠤᠷᠤᠯᠳᠤᠭᠠᠨ ᠬᠦᠯᠦᠨ ᠪᠤᠢᠷ ᠬᠤᠳᠠ᠎ᠶᠢᠨ ᠵᠠᠯᠠᠨ ᠠᠢᠯ ᠤᠷᠤᠯᠳᠤᠭᠠᠨ᠎ᠤ ᠲᠤᠭᠤᠷᠢᠭ᠎ᠤᠨ ᠵᠢᠨ ᠯᠦᠩ ᠱᠠᠨ ᠴᠠᠨᠠᠯᠠᠯᠳᠠ᠎ᠶᠢᠨ ᠳᠠᠯᠠᠪᠠᠢ᠎ᠳᠤ ᠶᠠᠪᠤᠭ᠍ᠳᠠᠪᠠ᠃ ᠡᠷᠡᠭ᠌ᠲᠡᠶ᠎ᠶ᠋ᠢᠨ ᠰᠢᠢᠳᠪᠦᠷᠢᠲᠦ ᠤᠷᠤᠯᠳᠤᠭᠠᠨ᠎ᠳᠦ ᠮᠠᠨ᠎ᠤ ᠤᠷᠤᠨ᠎ᠤ ᠲᠠᠮᠢᠷᠴᠢᠨ ᠶᠠᠩ ᠬᠤᠤ ᠲᠡᠷᠢᠬᠦᠯᠡᠵᠦ᠂ ᠡᠮᠡᠭ᠌ᠲᠡᠶ᠎ᠶ᠋ᠢᠨ ᠱᠢᠶ᠋ᠳᠪᠦᠷᠢᠲᠦ ᠤᠷᠤᠯᠳᠤᠭᠠᠨ᠎ᠳᠤ ᠭᠢᠷᠢᠨ ᠮᠤᠵᠢ᠎ᠶᠢᠨ ᠲᠠᠮᠢᠷᠴᠢᠨ ᠯᠢᠦ ᠮᠸᠩ ᠲᠢᠩ ᠲᠡᠷᠢᠬᠦᠯᠡᠵᠡᠢ᠃


4952823_erban_1708186327921_m.jpg


ᠶᠠᠩ ᠬᠤᠤ ᠨᠢᠭᠡᠳᠦᠭᠡᠷ ᠤᠳᠠᠭᠠᠨ᠎ᠤ ᠴᠠᠨᠠᠯᠠᠯᠳᠠ᠎ᠳᠦ ᠪᠦᠬᠦ᠌ ᠲᠠᠯᠠᠪᠠᠢ᠎ᠶ᠋ᠢᠨ ᠴᠣᠷ᠎ᠤᠨ ᠭᠠᠭ᠍ᠴᠠ 90 ᠬᠤᠪᠢ ᠳᠠᠪᠠᠭᠰᠠᠨ ᠰᠠᠢᠨ ᠬᠢᠷᠢ ᠪᠦᠲᠦᠮᠵᠢ ᠣᠯᠵᠤ᠂ ᠡᠴᠦᠰ᠎ᠲᠦ 174 .75 ᠬᠤᠪᠢ᠎ᠪᠠᠷ ᠮᠠᠩᠯᠠᠢᠯᠠᠪᠠ᠃ ᠶᠠᠩ ᠬᠤᠤ ᠪᠣᠯ ᠵᠠᠯᠠᠨ ᠠᠢᠯ ᠬᠤᠳᠠ᠎ᠶᠢᠨ ᠤᠤᠭᠠᠯ᠂ 11 ᠨᠠᠰᠤᠨ᠎ᠡᠴᠡ ᠪᠠᠨ ᠵᠠᠯᠠᠨ ᠠᠢᠯ ᠬᠤᠳᠠ᠎ᠶ᠋ᠢᠨ ᠠᠵᠢᠯ᠎ᠤᠨ ᠴᠢᠯᠥᠭᠡᠨ᠎ᠦ ᠲᠠᠮᠢᠷ᠎ᠤᠨ ᠰᠤᠷᠭᠠᠭᠤᠯᠢ᠎ᠳᠤ ᠴᠠᠨᠠᠯᠠᠬᠤ᠎ᠶ᠋ᠢ ᠪᠣᠯᠪᠠᠰᠤᠷᠠᠵᠤ᠂ ᠠᠪᠤ ᠡᠵᠢ ᠨᠢ ᠲᠡᠭᠦᠨ᠎ᠦ ᠪᠡᠶ᠎ᠠ ᠵᠢᠨ ᠲᠠᠮᠢᠷ᠎ᠤᠨ ᠳᠤᠬᠠᠢᠯᠠᠬᠰᠠᠨ ᠠᠵᠢᠯ᠎ᠢ ᠳᠡᠮᠵᠢᠭ᠌ᠰᠡᠭᠡᠷ ᠢᠷᠡᠵᠠᠢ᠃ ᠶᠠᠩ ᠬᠤᠤ ᠳᠠᠷᠠᠭᠠᠴᠢ᠎ᠶ᠋ᠢᠨ ᠤᠷᠤᠯᠳᠤᠭᠠᠨ᠎ᠳᠤ ᠨᠠᠩ ᠰᠠᠢᠨ ᠴᠢᠷᠮᠠᠢᠵᠦ᠂ ᠬᠣᠶᠠᠳᠤᠭᠠᠷ ᠠᠯᠲᠠᠨ ᠮᠧᠳᠠᠯ ᠣᠯᠬᠤ᠎ᠪᠠᠷ ᠲᠡᠮᠡᠴᠡᠨ᠎ᠠ ᠭᠡᠵᠦ ᠵᠤᠷᠢᠭ᠎ᠢᠶᠡᠨ ᠢᠯᠡᠳᠬᠡᠯ᠎ᠠ᠃

19 ᠨᠠᠰᠤᠲᠠᠶ ᠵᠠᠯᠠᠭᠤ ᠲᠠᠮᠢᠷᠴᠢᠨ ᠯᠢᠦ ᠮᠸᠩ ᠲᠢᠩ ᠭᠤᠷᠪᠠᠨ ᠡᠭᠡᠯᠵᠢ᠎ᠶᠢᠨ ᠤᠷᠤᠯᠳᠤᠭᠠᠨ᠎ᠳᠦ ᠲᠣᠭ᠍ᠲᠠᠭᠤᠨ ᠪᠠᠢᠳᠠᠯ᠎ᠢᠶᠠᠨ ᠪᠠᠳᠤᠯᠠᠵᠤ᠂ ᠳᠡᠳ᠋ ᠪᠠᠢᠷᠢ᠎ᠶᠢᠨ ᠳᠠᠮᠢᠷᠴᠢᠨ ᠡᠴᠡ ᠪᠠᠨ10 ᠱᠢᠬᠠᠮ ᠬᠤᠪᠢ ᠲᠦᠷᠦᠬᠦᠯᠡᠵᠦ᠂ ᠡᠴᠦᠰ᠎ᠲᠦ 167.00 ᠬᠤᠪᠢ᠎ᠪᠡᠷ ᠮᠠᠩᠯᠠᠢᠯᠠᠵᠠᠢ᠃


ᠵᠤᠬᠢᠶᠠᠯ \\ ᠵᠢᠷᠤᠭ᠄ ᠲᠤᠰ ᠰᠤᠨᠢᠨ᠎ᠤ ᠰᠤᠷᠪᠤᠯᠵᠢᠯᠠᠭᠴᠢ ᠪᠢᠯᠢᠭᠳᠦ ᠬᠦᠭᠵᠢᠯᠳᠦ ᠬᠦᠪᠴᠢᠨ ᠦᠨᠢᠷ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面