ᠰᠣᠶᠣᠯ ᠤᠷᠠᠯᠢᠭ > ᠠᠷᠪᠠᠨ ᠳᠥᠷᠪᠡᠳᠦᠭᠡᠷ ᠬᠤᠭᠤᠴᠠᠭᠠᠨ᠎ᠤ᠋ ᠡᠪᠦᠯ᠎ᠦ᠋ᠨ ᠤᠯᠠᠷᠢᠯ᠎ᠤ᠋ᠨ ᠲᠠᠮᠢᠷ᠎ᠤ᠋ᠨ ᠴᠤᠭᠯᠠᠭᠠᠨ

2024-02-19 09:56:40

ᠵᠣᠬᠢᠶᠠᠭ᠍ᠴᠢ᠄ ᠪᠢᠯᠢᠭᠳᠦ ᠬᠦᠭᠵᠢᠯᠳᠦ ᠬᠦᠪᠴᠢᠨ ᠦᠨᠢᠷ ᠣᠩᠱᠢᠭ᠍ᠰᠠᠨ ᠣᠳᠠᠭ᠎ᠠ᠄ 3

2 ᠰᠠᠷ᠎ᠠ᠎ᠶ᠋ᠢᠨ 18᠎ᠦ ᠡᠳᠦᠷ᠂ ᠵᠠᠯᠠᠨ ᠠᠢᠯ ᠬᠤᠳᠠ᠎ᠶᠢᠨ ᠵᠢᠨ ᠯᠦᠩ ᠱᠠᠨ ᠴᠠᠨᠠᠯᠠᠯᠳᠠ᠎ᠶᠢᠨ ᠳᠠᠯᠠᠪᠠᠢ᠎ᠳᠤ ᠪᠠᠭ᠎ᠠ ᠴᠠᠰᠤ ᠬᠠᠶᠠᠯᠠᠨ ᠲᠡᠭᠷᠢ ᠬᠦᠢᠳᠡᠷᠡᠭᠰᠡᠨ ᠪᠤᠯᠪᠠᠴᠤ ᠲᠠᠯᠠᠪᠠᠶ ᠲᠦᠬᠦᠷᠡᠩ ᠦᠵᠡᠭᠴᠢᠳ ᠪᠠ ᠲᠠᠮᠢᠷᠴᠢᠳ᠎ᠤᠨ ᠤᠷᠬᠢᠯᠤᠮ᠎ᠠ ᠬᠠᠯᠠᠭᠤᠨ ᠤᠷᠮ᠎ᠠ ᠵᠤᠷᠢᠭ᠎ᠢ ᠦᠴᠦᠬᠡᠨ᠎ᠴᠤ ᠨᠦᠯᠦᠭᠡᠯᠡᠭᠰᠡᠨ ᠦᠬᠡᠢ ᠪᠠᠢᠯ᠎ᠠ᠃ ᠲᠤᠰ ᠡᠳᠦᠷ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠴᠢᠯᠥᠭᠡᠲᠦ ᠴᠠᠨᠠᠯᠠᠯᠳᠠ᠎ᠶᠢᠨ ᠤᠷ᠎ᠠ ᠮᠡᠷᠭᠡᠵᠢᠯ᠎ᠤᠨ ᠢᠯᠠ ᠲᠤᠭᠤᠢᠯᠠᠩ᠎ᠤᠨ ᠤᠷᠤᠯᠳᠤᠭᠠᠨ ᠢᠳᠡ ᠬᠦᠭ ᠲᠠᠢ ᠶᠠᠪᠤᠭᠳᠠᠵᠦ᠂ ᠡᠷᠡᠭᠳᠡᠢ᠎ᠶᠢᠨ ᠰᠢᠢᠳᠪᠤᠷᠢᠳᠦ ᠤᠷᠤᠯᠳᠤᠭᠠᠨ᠎ᠳᠤ ᠪᠡᠭᠡᠵᠢᠩ᠎ᠤᠨ ᠠᠩᠬᠢ᠎ᠶᠢᠨ ᠲᠠᠮᠢᠷᠴᠢᠨ ᠯᠦᠩ ᠬᠤᠤ 65.70 ᠬᠤᠪᠢ ᠪᠡᠷ ᠮᠠᠩᠯᠠᠢᠯᠠᠵᠦ᠂ ᠡᠮᠡᠭᠳᠡᠢ᠎ᠶᠢᠨ ᠰᠢᠢᠳᠪᠤᠷᠢᠳᠦ ᠤᠷᠤᠯᠳᠤᠭᠠᠨ᠎ᠳᠤ ᠾᠧᠨᠠᠨ᠎ᠤ ᠠᠩᠭᠢ᠎ᠶ᠋ᠢᠨ ᠲᠠᠮᠢᠷᠴᠢᠨ ᠬᠤᠤ ᠯᠢ ᠪᠢᠨ 61.80 ᠬᠤᠪᠢ᠎ᠪᠠᠷ ᠮᠠᠩᠯᠠᠢᠯᠠᠵᠠᠢ᠃

ᠴᠠᠰᠤ ᠲᠠᠢ ᠡᠳᠦᠷ ᠤᠷᠤᠯᠳᠤᠭᠠᠨ᠎ᠳᠦ ᠨᠦᠯᠦᠬᠡ ᠪᠤᠯᠬᠤ ᠡᠰᠡᠬᠦ ᠳᠤᠬᠠᠢ ᠠᠰᠠᠭᠤᠬᠤ᠎ᠳᠤ ᠲᠠᠮᠢᠷᠴᠢᠨ ᠬᠤᠤ ᠯᠢ ᠪᠢᠨ᠄ 《ᠡᠨᠡ ᠡᠳᠦᠷ᠎ᠤᠨ ᠴᠠᠭ ᠠᠭᠤᠷ ᠵᠢᠭᠠᠬᠠᠨ ᠨᠦᠯᠦᠭᠡ ᠲᠠᠢ᠂ ᠴᠠᠰᠤ ᠤᠷᠤᠭᠰᠠᠨ᠎ᠤ ᠳᠠᠷᠠᠭ᠎ᠠ ᠴᠠᠨᠠᠯᠠᠯᠳᠠ᠎ᠶᠢᠨ ᠳᠠᠯᠠᠪᠠᠢ ᠬᠠᠳᠠᠭᠤ ᠪᠤᠯᠳᠠᠭ᠂ ᠡᠨᠡ ᠨᠢ ᠨᠠᠳᠠ᠎ᠳᠤ ᠨᠡᠩ ᠶᠡᠬᠡ ᠰᠢᠯᠭᠠᠯᠳᠠ ᠪᠤᠯᠤᠯ᠎ᠠ᠂ ᠭᠡᠪᠡᠴᠦ ᠪᠢ ᠡᠨᠡ ᠡᠳᠦᠷ ᠤᠷ᠎ᠠ ᠮᠡᠷᠭᠡᠵᠢᠯ᠎ᠢᠶᠡᠨ ᠮᠠᠰᠢ ᠰᠠᠢᠨ ᠪᠠᠳᠠᠷᠠᠭᠤᠯᠵᠦ ᠴᠢᠳᠠᠬᠰᠠᠨ ᠡ》 ᠭᠡᠵᠦ ᠪᠠᠶᠠᠷᠳᠠᠢᠬᠠᠨ ᠬᠡᠯᠡᠨ᠎ᠠ᠃ ᠡᠨᠡ ᠵᠢᠯ 19 ᠨᠠᠰᠤᠳᠠᠢ ᠬᠤᠤ ᠯᠢ ᠪᠢᠨ 2018 ᠣᠨ᠎ᠤ ᠰᠡᠭᠦᠯᠴᠢ᠎ᠡᠴᠡ ᠡᠬᠢᠯᠡᠨ ᠴᠢᠯᠥᠭᠡᠲᠦ ᠴᠠᠨᠠᠯᠠᠯᠳᠠ᠎ᠶᠢᠨ ᠤᠷ᠎ᠠ ᠮᠡᠷᠭᠡᠵᠢᠯ᠎ᠤᠨ ᠪᠤᠯᠪᠠᠰᠤᠷᠠᠯ ᠬᠢᠵᠦ ᠡᠬᠢᠯᠡᠵᠡᠢ᠃

ᠭᠤᠷᠪᠠᠨ ᠡᠭᠡᠯᠵᠢ᠎ᠶᠢᠨ ᠬᠤᠷᠴᠠ ᠰᠢᠷᠦᠬᠦᠨ ᠦᠷᠢᠰᠦᠯᠳᠦᠭᠡᠨ᠎ᠢᠶᠡᠷ ᠳᠠᠮᠵᠢᠨ ᠠᠩᠬ᠎ᠠ ᠤᠳᠠᠭ᠎ᠠ ᠠᠯᠳᠠᠨ ᠮᠧᠳᠠᠯ ᠲᠤᠰᠴᠤ ᠪᠠᠢᠭ᠎ᠠ ᠯᠦᠩ ᠬᠤᠤ᠄ 《ᠮᠠᠰᠢᠳᠠ ᠪᠠᠶᠠᠷᠯᠠᠵᠤ ᠪᠠᠢᠨ᠎ᠠ᠂ ᠠᠯᠳᠠᠨ ᠮᠧᠳᠠᠯ ᠲᠤᠰᠤᠨ᠎ᠠ ᠭᠡᠵᠦ᠍ ᠦᠨᠡᠬᠡᠷ ᠪᠣᠳᠣᠵᠤ ᠣᠯᠤᠭ᠍ᠰᠠᠨ ᠦᠭᠡᠢ》 ᠭᠡᠵᠦ ᠲᠤᠭᠳᠤᠯᠤᠨ ᠬᠡᠯᠡᠪᠠ᠃

ᠴᠢᠯᠥᠭᠡᠲᠦ ᠴᠠᠨᠠᠯᠠᠯᠳᠠ᠎ᠶᠢᠨ ᠴᠠᠰᠤᠨ ᠳᠡᠭᠡᠷᠡᠬᠢ ᠤᠷ᠎ᠠ ᠮᠡᠷᠭᠡᠵᠢᠯ᠎ᠤᠨ ᠳᠠᠮᠢᠷ᠎ᠤᠨ ᠬᠦᠳᠡᠯᠭᠡᠭᠡᠨ᠎ᠤ ᠬᠦᠴᠢᠷ᠎ᠦᠨ ᠬᠡᠮᠵᠢᠶ᠎ᠡ ᠨᠢ ᠮᠠᠰᠢ ᠥᠨᠳᠥᠷ᠂ ᠰᠣᠨᠢᠷᠬᠠᠯᠲᠤ ᠴᠢᠨᠠᠷ᠎ᠢᠶᠠᠷ ᠴᠢᠩᠭ᠎ᠠ᠂ ᠮᠠᠨ᠎ᠤ ᠤᠯᠤᠰ᠎ᠤᠨ ᠮᠥᠰᠥ᠍ ᠴᠠᠰᠤᠨ᠎ᠤ ᠲᠠᠮᠢᠷ᠎ᠤᠨ ᠬᠥᠳᠡᠯᠭᠡᠭᠡᠨ᠎ᠦ ᠬᠥᠭ᠌ᠵᠢᠯᠲᠡ ᠳᠤᠮᠳᠠ ᠨᠡᠯᠢᠶᠡᠳ ᠣᠷᠣᠶ ᠡᠬᠢᠯᠡᠭ᠌ᠰᠡᠨ ᠳᠠᠮᠢᠷ᠎ᠤᠨ ᠲᠦᠷᠦᠯ ᠪᠤᠯᠤᠨ᠎ᠠ᠃ ᠤᠷᠤᠯᠳᠤᠭᠠᠨ᠎ᠤ ᠳᠤᠮᠳᠠ ᠳᠠᠮᠢᠷᠴᠢᠳ ᠴᠠᠰᠤᠳᠦ ᠬᠥᠲᠥᠯ᠎ᠢᠶᠡᠷ ᠲᠤᠷᠤᠭᠰᠢ ᠴᠠᠨᠠᠯᠠᠬᠤ ᠲᠤᠮᠳᠠ ᠬᠤᠯᠬᠢᠶ᠎ᠠ ᠡᠷᠭᠢᠯᠳᠡ᠂ ᠤᠭᠳᠠᠷᠭᠤᠢ᠎ᠳᠡᠬᠢ ᠲᠤᠩᠭᠤᠷᠠᠯᠳᠠ ᠵᠢᠴᠢ ᠲᠦᠷᠭᠡᠨ ᠴᠠᠨᠠᠯᠠᠯᠳᠠ᠎ᠵᠢ ᠪᠡᠶᠡᠯᠡᠬᠦᠯᠵᠦ᠂ ᠡᠴᠦᠰ᠎ᠲᠦ ᠬᠤᠯᠬᠢᠶ᠎ᠠ ᠡᠷᠭᠢᠯᠳᠡ᠂ ᠤᠭᠳᠠᠷᠭᠤᠢ᠎ᠳᠡᠬᠢ ᠲᠤᠩᠭᠤᠷᠠᠯᠳᠠ ᠵᠢᠨ ᠴᠢᠨᠰᠠᠭ᠎ᠠ ᠵᠢᠴᠢ ᠴᠠᠭ᠎ᠢ ᠠᠳᠠᠯᠢᠳᠬᠠᠨ ᠬᠤᠪᠢ ᠳᠡᠮᠳᠡᠭᠯᠡᠨ ᠰᠢᠯᠭᠠᠷᠠᠭᠤᠯᠳᠠᠭ ᠶᠤᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面