ᠰᠣᠶᠣᠯ ᠤᠷᠠᠯᠢᠭ > ᠠᠷᠪᠠᠨ ᠳᠥᠷᠪᠡᠳᠦᠭᠡᠷ ᠬᠤᠭᠤᠴᠠᠭᠠᠨ᠎ᠤ᠋ ᠡᠪᠦᠯ᠎ᠦ᠋ᠨ ᠤᠯᠠᠷᠢᠯ᠎ᠤ᠋ᠨ ᠲᠠᠮᠢᠷ᠎ᠤ᠋ᠨ ᠴᠤᠭᠯᠠᠭᠠᠨ

2024-02-19 11:12:42

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

2 ᠰᠠᠷ᠎ᠠ᠎ᠶᠢᠨ 17᠎ᠤ᠋ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠤ ᠡᠬᠢᠯᠡᠯᠲᠡ᠎ᠶᠢᠨ ᠶᠣᠰᠣᠯᠠᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠯᠥᠨ ᠪᠤᠢᠷ ᠬᠤᠳᠠ ᠳ᠋ᠤ ᠶᠠᠪᠤᠬᠳᠠᠪᠠ᠃ ᠮᠥᠰᠥ ᠴᠠᠰᠤᠨ᠎ᠤ ᠪᠣᠯᠵᠣᠭ᠎ᠠ᠂ ᠢᠷᠠᠭᠤ ᠠᠯᠳᠠᠷ ᠪᠣᠯᠣᠨ ᠬᠦᠰᠡᠯ ᠵᠡᠭᠦᠳᠦ ᠡᠨᠳᠡ ᠦᠩᠬᠡ ᠬᠢᠯᠠᠯᠵᠠᠨ᠎ᠠ!

ᠰᠡᠳᠬᠢᠯ ᠳᠣᠭᠳᠣᠯᠤᠮ᠎ᠠ ᠤᠷᠤᠯᠳᠤᠭᠠᠨ᠎ᠢ ᠬᠠᠮᠢᠭ᠎ᠠ ᠣᠴᠢᠵᠤ ᠦᠵᠡᠬᠦ ᠪᠤᠢ? ᠠᠩᠬᠠᠷᠤᠯ ᠎ᠢ ᠲᠠᠳᠠᠬᠰᠠᠨ ᠤᠷᠤᠯᠳᠤᠭᠠᠨ᠎ᠤ ᠬᠢᠯᠠᠰ ᠴᠡᠭ ᠶᠠᠭᠤ ᠪᠠᠢᠳᠠᠭ ᠪᠤᠢ? ᠥᠨᠥᠳᠥᠷ ᠲᠠᠨ᠎ᠳᠤ ᠤᠷᠤᠯᠳᠤᠭᠠᠨ᠎ᠤ ᠲᠠᠷᠠᠭᠠᠯᠠᠯ ᠢ᠋ ᠡᠮᠬᠢᠯᠡᠨ ᠥᠭᠴᠤ᠂ ᠤᠷᠤᠯᠳᠤᠭᠠᠨ᠎ᠤ ᠮᠡᠳᠡᠭᠡ ᠵᠠᠩᠭᠢ ᠪᠣᠯᠣᠨ ᠤᠷᠤᠯᠳᠤᠭᠠᠨ᠎ᠤ ᠬᠢᠯᠠᠰ ᠴᠡᠭ᠎ᠢ ᠤᠢᠯᠠᠭᠠᠵᠤ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ ᠤ᠋ ᠭᠠᠢᠬᠠᠮᠰᠢᠭ᠋᠎ᠢ ᠬᠠᠮᠳᠤ ᠪᠡᠷ ᠰᠣᠨᠢᠷᠬᠠᠶ᠎ᠠ᠃ ᠳᠣᠣᠷᠠᠬᠢ ᠪᠣᠯ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠦ ᠲᠤᠬᠠᠢ ᠮᠡᠳᠡᠯᠭᠡ᠎ᠶᠢᠨ ᠴᠡᠭ᠎ᠤᠳ ᠪᠣᠯᠣᠨ᠎ᠠ᠂ ᠬᠣᠷᠢᠶᠠᠨ ᠠᠪᠴᠤ ᠦᠵᠡᠬᠦ ᠪᠣᠯᠪᠠᠤ᠃

ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠢ ᠤᠯᠤᠰ᠎ᠤᠨ ᠪᠡᠶ᠎ᠡ᠎ᠶᠢᠨ ᠲᠠᠮᠢᠷ᠎ᠤᠨ ᠶᠡᠷᠦᠩᠬᠡᠢ ᠲᠣᠪᠴᠢᠶ᠎ᠠ ᠎ᠠᠴᠠ ᠭᠣᠣᠯᠯᠠᠨ ᠡᠷᠭᠢᠯᠡᠵᠦ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠡᠴᠡ ᠳᠠᠭᠠᠭᠠᠴᠢᠯᠠᠨ ᠡᠷᠭᠢᠯᠡᠵᠦ ᠂ 2 ᠰᠠᠷ᠎ᠠ᠎ᠶᠢᠨ 17 ᠡᠴᠨ 27 ᠤ᠋ ᠡᠳᠦᠷ᠎ᠪᠤᠯᠳᠠᠯ᠎ᠠ ᠶᠠᠪᠤᠬᠳᠠᠨ᠎ᠠ᠃ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ ᠪᠣᠯ ᠪᠡᠭᠡᠵᠢᠩ᠎ᠦᠨ ᠡᠪᠤᠯ ᠤ᠋ᠨ ᠤᠯᠠᠷᠢᠯ ᠤ᠋ᠨ ᠤᠯᠢᠮᠫᠢᠺ ᠤ᠋ᠨ ᠲᠠᠮᠢᠷ ᠤ᠋ᠨ ᠴᠤᠬᠯᠠᠭᠠᠨ ᠤ᠋ ᠲᠠᠷᠠᠭ᠎ᠠ ᠠᠩᠬ᠎ᠠ ᠤᠳᠠᠭ᠎ᠠ ᠡᠷᠬᠢᠯᠡᠭᠰᠡᠨ ᠡᠪᠦᠯ᠎ᠦᠨ ᠤᠯᠠᠷᠢᠯ᠎ᠤᠨ ᠲᠥᠷᠥᠯ ᠵᠦᠢᠯ᠎ᠦᠨ ᠪᠥᠬᠥ ᠤᠯᠤᠰ᠎ᠤᠨ ᠴᠢᠬᠤᠯᠠ ᠶᠡᠬᠡ ᠪᠡᠶ᠎ᠡ᠎ᠶᠢᠨ ᠲᠠᠮᠢᠷ᠎ᠤᠨ ᠤᠷᠤᠯᠳᠤᠭᠠᠨ ᠮᠦᠨ᠂ ᠪᠠᠰᠠ᠎ᠴᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠠᠩᠬ᠎ᠠ ᠤᠳᠠᠭ᠎ᠠ ᠪᠥᠬᠥ ᠤᠯᠤᠰ᠎ᠤᠨ ᠶᠡᠷᠦᠩᠬᠡᠢᠯᠡᠭᠰᠡᠨ ᠴᠢᠨᠠᠷᠲᠠᠢ ᠲᠠᠮᠢᠷ᠎ᠤᠨ ᠴᠤᠭᠯᠠᠭᠠᠨ᠎ᠢ ᠳᠠᠭᠠᠭᠠᠴᠢᠯᠠᠨ ᠡᠷᠭᠢᠯᠡᠵᠦ ᠪᠠᠢᠭ᠎ᠠ ᠶᠤᠮ᠃

ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠳᠤ ᠨᠡᠶ᠋ᠢᠲᠡ 8 ᠶᠡᠬᠡ ᠲᠥᠷᠥᠯ ᠵᠦᠢᠯ 16 ᠬᠤᠪᠢᠶᠠᠷᠢ ᠲᠥᠷᠥᠯ ᠵᠦᠢᠯ 176 ᠪᠠᠭ᠎ᠠ ᠲᠥᠷᠥᠯ ᠵᠦᠢᠯ᠎ᠢ ᠲᠣᠬᠢᠷᠠᠭᠤᠯᠪᠠ; ᠣᠯᠠᠨ ᠤᠯᠤᠰ᠎ᠯᠤᠭ᠎ᠠ ᠵᠣᠯᠭᠠᠯᠳᠤᠭᠤᠯᠵᠤ᠂ ᠡᠪᠦᠯ ᠤ᠋ᠨ ᠤᠯᠠᠷᠢᠯ ᠤ᠋ᠨ ᠣᠯᠢᠮᠫᠢᠺ ᠤ᠋ᠨ ᠲᠠᠮᠢᠷ ᠤ᠋ᠨ ᠴᠤᠭᠯᠠᠭᠠᠨ ᠵᠢᠡᠷ ᠪᠦᠬᠦ ᠲᠠᠯ᠎ᠠ ᠪᠡᠷ ᠪᠠᠷᠢᠮᠵᠢᠶᠠᠯᠠᠵᠤ᠂ ᠮᠢᠯᠠᠨ᠎ᠤ 2026 ᠣᠨ᠎ᠤ ᠡᠪᠦᠯ ᠤ᠋ᠨ ᠤᠯᠠᠷᠢᠯ ᠤ᠋ᠨ ᠣᠯᠢᠮᠫᠢᠺ ᠤ᠋ᠨ ᠲᠠᠮᠢᠷ ᠤ᠋ᠨ ᠴᠤᠭᠯᠠᠭᠠᠨ ᠤ᠋ ᠲᠥᠷᠥᠯ ᠵᠦᠢᠯ᠎ᠢ᠋ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ ᠳ᠋ᠤ ᠪᠥᠬᠥ ᠲᠥᠷᠥᠯ ᠵᠦᠢᠯ ᠵᠢᠨᠷ ᠨᠢ ᠲᠤᠬᠢᠷᠠᠭᠤᠯᠪᠠ;ᠪᠡᠯᠡᠳᠬᠡᠯ ᠬᠦᠴᠦᠨ᠎ᠢ ᠢᠯᠡᠷᠡᠭᠦᠯᠬᠦ ᠪᠠ ᠬᠥᠮᠥᠵᠢᠭᠦᠯᠬᠦ᠎ᠶᠢ ᠪᠣᠳᠣᠯᠬᠢᠯᠠᠨ᠂ ᠤᠢᠷ᠎ᠠ ᠵᠠᠮ᠎ᠤᠨ ᠲᠦᠷᠭᠡᠨ ᠲᠡᠰᠢᠯᠲᠡ᠂ ᠤᠷᠠᠨ ᠲᠡᠰᠢᠯᠲᠡ ᠵᠡᠷᠭᠡ᠎ᠳᠦ ᠵᠠᠯᠠᠭᠤᠴᠤᠳ᠎ᠤᠨ ᠳᠤᠭᠤᠢᠯᠠᠩ ᠢ᠋ ᠲᠤᠬᠢᠷᠠᠭᠤᠯᠵᠦ᠂ ᠮᠠᠨ᠎ᠤ ᠤᠯᠤᠰ᠎ᠤᠨ ᠮᠥᠰᠥ ᠴᠠᠰᠤᠨ᠎ᠤ ᠲᠠᠮᠢᠷ᠎ᠤᠨ ᠬᠥᠳᠡᠯᠭᠡᠭᠡᠨ᠎ᠳᠦ ᠴᠢᠳᠠᠪᠤᠷᠢᠲᠠᠨ᠎ᠢ ᠦᠷᠭᠦᠯᠵᠢᠯᠡᠨ ᠬᠦᠷᠭᠡᠵᠤ ᠪᠠᠢᠨ᠎ᠠ᠃

ᠮᠠᠨ᠎ᠤ ᠤᠯᠤᠰ᠎ᠤᠨ ᠡᠪᠦᠯ᠎ᠦᠨ ᠤᠯᠠᠷᠢᠯ᠎ᠤᠨ ᠲᠥᠷᠥᠯ ᠵᠦᠢᠯ᠎ᠦᠨ ᠬᠢᠷᠢ ᠬᠡᠮᠵᠢᠶ᠎ᠡ᠎ᠪᠡᠷ ᠬᠠᠮᠤᠭ᠎ᠤᠨ ᠥᠨᠳᠥᠷ᠂ ᠬᠡᠪᠴᠢᠶ᠎ᠡ᠎ᠪᠡᠷ ᠬᠠᠮᠤᠭ᠎ᠤᠨ ᠶᠡᠬᠡ᠂ ᠨᠥᠯᠥᠭᠡᠯᠡᠬᠦ ᠬᠦᠴᠦᠨ᠎ᠢᠶᠡᠷ ᠬᠠᠮᠤᠭ᠎ᠤᠨ ᠦᠷᠭᠡᠨ ᠶᠡᠷᠦᠩᠬᠡᠢᠯᠡᠭᠰᠡᠨ ᠴᠢᠨᠠᠷᠳᠠᠢ ᠲᠠᠮᠢᠷ ᠤ᠋ᠨ ᠴᠤᠬᠯᠠᠭᠠᠨ ᠪᠤᠯᠤᠬᠰᠠᠨ ᠤ᠋ ᠬᠤᠪᠢ ᠳ᠋ᠤ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ ᠨᠢ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠲᠠᠷᠠᠭᠠᠬᠢ ᠴᠠᠭ ᠦᠶ᠎ᠡ᠎ᠳᠦ 《ᠭᠤᠷᠪᠠᠨ ᠳ᠋ᠦᠩᠰᠢᠭᠤᠷ ᠬᠥᠮᠥᠨ ᠮᠥᠰᠥ ᠴᠠᠰᠤᠨ᠎ᠤ ᠪᠡᠢ᠎ᠠ ᠵᠢᠨ ᠲᠠᠮᠢᠷ᠎ᠤᠨ ᠬᠥᠳᠡᠯᠭᠡᠭᠡᠨ᠎ᠳᠦ ᠣᠷᠣᠯᠴᠠᠬᠤ》 ᠦᠷ᠎ᠡ ᠪᠦᠲᠦᠭᠡᠯ᠎ᠢ ᠪᠡᠬᠢᠵᠢᠭᠦᠯᠦᠨ ᠥᠷᠭᠡᠳᠬᠡᠵᠦ᠂ ᠮᠠᠨ᠎ᠤ ᠤᠯᠤᠰ᠎ᠤᠨ ᠤᠷᠤᠯᠳᠤᠭᠠᠨ᠎ᠤ ᠪᠡᠶ᠎ᠡ᠎ᠶᠢᠨ ᠲᠠᠮᠢᠷ᠎ᠤᠨ ᠳᠡᠯᠡᠬᠡᠢ᠎ᠳᠡᠬᠢ ᠥᠷᠢᠰᠦᠯᠳᠦᠬᠦ ᠬᠦᠴᠦᠨ᠎ᠢ ᠴᠢᠨᠠᠭᠰᠢᠳᠠ ᠳᠡᠭᠡᠭᠰᠢᠯᠡᠭᠦᠯᠬᠦ᠂ ᠮᠥᠰᠥ ᠴᠠᠰᠤᠨ᠎ᠤ ᠲᠠᠮᠢᠷ᠎ᠤᠨ ᠬᠥᠳᠡᠯᠭᠡᠭᠡᠨ᠎ᠦ ᠦᠷᠭᠦᠯᠵᠢᠯᠡᠬᠦ ᠬᠥᠭᠵᠢᠯᠲᠡ᠎ᠶᠢ ᠠᠬᠢᠭᠤᠯᠬᠤ ᠵᠢᠴᠢ ᠥᠪᠥᠷ ᠮᠣᠩᠭᠣᠯ᠎ᠤᠨ ᠰᠢᠨ᠎ᠡ ᠴᠠᠭ ᠦᠶ᠎ᠡ᠎ᠶᠢᠨ ᠠᠵᠤ ᠠᠬᠤᠢ ᠨᠡᠢᠭᠡᠮ᠎ᠦᠨ ᠬᠥᠭᠵᠢᠯᠲᠡ᠎ᠶᠢᠨ ᠰᠢᠨ᠎ᠡ ᠠᠮᠵᠢᠯᠲᠠ᠎ᠶᠢ ᠢᠯᠡᠷᠡᠭᠦᠯᠬᠦ ᠢᠷᠠᠭᠤ ᠠᠯᠳᠠᠷᠲᠤ ᠡᠭᠦᠷᠭᠡ ᠪᠣᠯᠣᠨ ᠴᠢᠬᠤᠯᠠ ᠡᠭᠦᠷᠭᠡ᠎ᠶᠢ ᠡᠭᠦᠷᠭᠡᠯᠡᠵᠦ ᠪᠠᠢᠨ᠎ᠠ᠃ ᠲᠤᠰ ᠬᠤᠭᠤᠴᠠᠭᠠᠨ᠎ᠤ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠤ ᠥᠪᠥᠷ ᠮᠣᠩᠭᠣᠯ᠎ᠤᠨ ᠲᠥᠯᠥᠭᠡᠯᠡᠭᠴᠢᠳ᠎ᠦᠨ ᠪᠦᠯᠬᠦᠮ ᠢᠯᠡ ᠳᠤᠭᠤᠢᠯᠠᠩ᠎ᠤᠨ 8 ᠶᠡᠬᠡ ᠲᠦᠷᠦᠯ ᠵᠦᠢᠯ 16 ᠬᠤᠪᠢᠶᠠᠷᠢ ᠲᠦᠷᠦᠯ ᠵᠦᠢᠯ 116 ᠪᠠᠭ᠎ᠠ ᠲᠦᠷᠦᠯ ᠵᠦᠢᠯ ᠪᠠ ᠵᠠᠯᠠᠭᠤᠴᠤᠳ᠎ᠤᠨ ᠳᠤᠭᠤᠢᠯᠠᠩ᠎ᠤᠨ 4 ᠶᠡᠬᠡ ᠲᠦᠷᠦᠯ ᠵᠦᠢᠯ᠎ᠦᠨ ᠪᠦᠬᠦ ᠤᠷᠤᠯᠳᠤᠭᠠᠨ᠎ᠳᠤ ᠣᠷᠣᠯᠴᠠᠬᠤ᠎ᠪᠠᠷ ᠲᠥᠯᠥᠪᠯᠡᠵᠦ ᠪᠠᠢᠨ᠎ᠠ᠃


QQ截图20240219130814.png



ᠮᠠᠨ᠎ᠤ ᠤᠯᠤᠰ᠎ᠤᠨ ᠤᠷᠤᠯᠳᠤᠭᠠᠨ᠎ᠤ ᠪᠡᠶ᠎ᠡ ᠎ᠶᠢᠨ ᠲᠠᠮᠢᠷ ᠎ᠤᠨ ᠲᠡᠯᠡᠭᠡᠢ ᠳ᠋ᠡᠬᠢ ᠥᠷᠢᠰᠦᠯᠳᠦᠬᠦ ᠬᠦᠴᠦᠨ᠎ᠢ ᠴᠢᠨᠠᠭᠰᠢᠳᠠ ᠳᠡᠭᠡᠭᠰᠢᠯᠡᠭᠦᠯᠦᠨ᠎ᠠ

ᠮᠥᠰᠥ ᠴᠠᠰᠤᠨ ᠎ᠤ ᠪᠡᠶ᠎ᠡ ᠎ᠶᠢᠨ ᠲᠠᠮᠢᠷ ᠎ᠤᠨ ᠦᠷᠭᠦᠯᠵᠢᠯᠡᠬᠦ ᠬᠥᠭᠵᠢᠯᠲᠡ᠎ᠶᠢ ᠠᠬᠢᠭᠤᠯᠤᠨ᠎ᠠ

ᠥᠪᠥᠷ ᠮᠣᠩᠭᠣᠯ᠎ᠤᠨ ᠰᠢᠨ᠎ᠡ ᠴᠠᠭ ᠦᠶ᠎ᠡ ᠵᠢᠨ ᠠᠵᠤ ᠠᠬᠤᠢ ᠨᠡᠢᠭᠡᠮ᠎ᠦᠨ ᠬᠥᠭᠵᠢᠯᠲᠡ᠎ᠶᠢᠨ ᠰᠢᠨ᠎ᠡ ᠠᠮᠵᠢᠯᠲᠠ᠎ᠶᠢ ᠢᠯᠡᠷᠡᠭᠦᠯᠦᠨ᠎ᠠ



ᠬᠥᠯᠥᠨ ᠪᠤᠶ᠋ᠢᠷ᠎ᠤᠨ ᠵᠠᠯᠠᠡ ᠠᠢᠯ ᠬᠤᠳᠠ ᠵᠢᠨ ᠶᠢᠨ ᠯᠥᠩ ᠱᠠᠨ ᠴᠡᠨᠡᠯᠡᠯᠲᠡ ᠢ᠋ᠢᠨ ᠲᠠᠯᠠᠪᠤᠷ


ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠠᠭᠤᠯᠠᠨ᠎ᠳᠤ ᠠᠪᠠᠷᠢᠬᠤ ᠴᠡᠨᠡᠯᠡᠯᠲᠡ

ᠰᠢᠯᠭᠠᠷᠠᠭᠤᠯᠬᠤ ᠠᠯᠲᠠᠨ ᠮᠧᠳᠠᠯ᠎ᠤᠨ ᠲᠤᠭ᠎ᠠ ᠄ 3

ᠤᠷᠤᠯᠳᠤᠭᠠᠨ᠎ᠤ ᠴᠠᠭ ᠄ 2024 ᠣᠨ᠎ᠤ 1 ᠰᠠᠷ᠎ᠠ᠎ᠶᠢᠨ 30 ᠡᠴᠡ 2 ᠰᠠᠷ᠎ᠠ᠎ᠶᠢᠨ 1 ᠪᠣᠯᠲᠠᠯ᠎ᠠ

ᠭᠢᠯᠠᠰ ᠴᠡᠭ ᠄ ᠥᠨᠳᠥᠷ ᠠᠭᠤᠯᠠ᠎ᠶᠢᠨ ᠲᠤᠢᠯ ᠤ᠋ᠨ ᠬᠥᠳᠡᠯᠭᠡᠭᠡᠨ᠎ᠢ ᠬᠠᠢᠨ᠎ᠠ




ᠶᠠᠨᠴᠢᠩ ᠎ᠤ᠋ᠨ ᠤᠯᠤᠰ᠎ᠤᠨ ᠥᠨᠳᠥᠷ ᠠᠭᠤᠯᠠ᠎ᠶᠢᠨ ᠴᠠᠨᠡᠯᠡᠯᠲᠡ ᠢ᠋ᠢᠨ ᠲᠥᠪ


ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠥᠨᠳᠥᠷ ᠠᠭᠤᠯᠠ᠎ᠶᠢᠨ ᠴᠠᠨᠡᠯᠡᠯᠲᠡ

ᠰᠢᠯᠭᠠᠷᠠᠭᠤᠯᠬᠤ ᠠᠯᠲᠠᠨ ᠮᠧᠳᠠᠯ᠎ᠤᠨ ᠲᠣᠭ᠎ᠠ ᠄ 14

ᠤᠷᠤᠯᠳᠤᠭᠠᠨ᠎ᠤ ᠴᠠᠭ ᠄ 2024 ᠣᠨ᠎ᠤ 1 ᠰᠠᠷ᠎ᠠ᠎ᠶᠢᠨ 29 ᠡᠴᠡ 2 ᠰᠠᠷ᠎ᠠ᠎ᠶᠢᠨ 4 ᠪᠣᠯᠲᠠᠯ᠎ᠠ

ᠬᠢᠯᠠᠰ ᠴᠡᠭ ᠄ ᠥᠨᠳᠥᠷ ᠠᠭᠤᠯᠠ᠎ᠶᠢᠨ ᠣᠷᠭᠢᠯ᠎ᠠᠴᠠ ᠨᠢᠰᠬᠦ ᠮᠡᠲᠦ ᠭᠤᠯᠭᠤᠨ ᠪᠠᠭᠤᠨ᠎ᠠ



ᠶᠠᠨᠴᠢᠩ᠎ᠤ᠋ᠨ ᠤᠯᠤᠰ᠎ᠤᠨ ᠴᠠᠰᠤᠨ ᠲᠡᠷᠭᠡ ᠴᠢᠷᠭ᠎ᠠ ᠵᠢᠨ ᠲᠦᠪ



ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠴᠠᠰᠤᠨ ᠲᠡᠷᠭᠡ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 4

ᠤᠷᠤᠯᠳᠤᠭᠠᠨ᠎ᠤ ᠴᠠᠭ᠄ 2023 ᠤᠨ᠎ᠤ 11 ᠰᠠᠷ᠎ᠠ ᠵᠢᠨ 23 ᠡᠴᠡ 28 ᠪᠤᠯᠲᠠᠯ᠎ᠠ

ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠪᠤᠯᠤᠳ ᠠᠷᠠᠯᠲᠦ ᠵᠠᠯᠠᠭᠤᠷᠲᠤ ᠴᠢᠷᠭ᠎ᠠ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 3

ᠤᠷᠤᠯᠳᠤᠭᠠᠨ᠎ᠤ ᠴᠠᠭ᠄ 2023 ᠤᠨ᠎ᠤ 11 ᠰᠠᠷ᠎ᠠ ᠵᠢᠨ 24 ᠡᠴᠡ 27 ᠪᠤᠯᠲᠠᠯ᠎ᠠ


ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠴᠢᠷᠭ᠎ᠠ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 5

ᠤᠷᠤᠯᠳᠤᠭᠠᠨ᠎ᠤ ᠴᠠᠭ᠄ 2023 ᠤᠨ᠎ᠤ 12 ᠰᠠᠷ᠎ᠠ ᠵᠢᠨ 16 ᠡᠴᠡ 17 ᠪᠤᠯᠲᠠᠯ᠎ᠠ

ᠭᠢᠯᠠᠰ ᠴᠡᠭ᠄ ᠠᠶᠤᠯ ᠲᠦᠭᠰᠢᠭᠦᠷᠢ ᠲᠠᠢ ᠮᠦᠷᠲᠡᠭᠡᠨ ᠬᠦᠮᠦᠨ᠎ᠢ ᠰᠤᠭᠲᠤᠭᠤᠷᠠᠭᠤᠯᠤᠮ᠎ᠠ ᠴᠠᠰᠤᠨ ᠳᠡᠭᠡᠷᠡᠬᠢ F1




ᠤᠯᠠᠭᠠᠨᠴᠠᠪ᠎ᠤᠨ ᠯᠢᠶᠡᠩᠴᠧᠩ᠎ᠦᠨ ᠴᠡᠨᠡᠯᠡᠯᠲᠡ ᠢ᠋ᠢᠨ ᠲᠠᠯᠠᠪᠤᠷ



ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠬᠡᠭᠡᠷᠡᠯᠡᠬᠦ ᠴᠡᠨᠡᠯᠡᠯᠲᠡ

ᠰᠢᠯᠭᠠᠷᠠᠭᠤᠯᠬᠤ ᠠᠯᠲᠠᠨ ᠮᠧᠳᠠᠯ᠎ᠤᠨ ᠲᠣᠭ᠎ᠠ ᠄ 18

ᠤᠷᠤᠯᠳᠤᠭᠠᠨ᠎ᠤ ᠴᠠᠭ ᠄ 2024 ᠣᠨ᠎ᠤ 2 ᠰᠠᠷ᠎ᠠ᠎ᠶᠢᠨ 14᠎ᠡᠴᠡ 26 ᠎ᠪᠣᠯᠲᠠᠯ᠎ᠠ

ᠬᠢᠯᠠᠰ ᠴᠡᠭ ᠄ ᠴᠠᠰᠤᠨ ᠳᠡᠭᠡᠷᠡᠬᠢ ᠮᠠᠷᠠᠰᠤᠨ ᠥᠷᠢᠰᠦᠯᠳᠦᠭᠡᠨ ᠤ᠋ ᠲᠤᠢᠯ

ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠡᠪᠦᠯ᠎ᠦᠨ ᠤᠯᠠᠷᠢᠯ᠎ᠤᠨ ᠬᠣᠶᠠᠷ ᠲᠦᠷᠦᠯ ᠵᠦᠢᠯ

ᠰᠢᠯᠭᠠᠷᠠᠭᠤᠯᠬᠤ ᠠᠯᠲᠠᠨ ᠮᠧᠳᠠᠯ᠎ᠤᠨ ᠲᠣᠭ᠎ᠠ ᠄ 11

ᠤᠷᠤᠯᠳᠤᠭᠠᠨ᠎ᠤ ᠴᠠᠭ ᠄ 2024 ᠣᠨ᠎ᠤ 2 ᠰᠠᠷ᠎ᠠ᠎ᠶᠢᠨ 15 ᠎ᠡᠴᠡ 23 ᠪᠣᠯᠲᠠᠯ᠎ᠠ

ᠬᠢᠯᠠᠰ ᠴᠡᠭ ᠄ ᠡᠷᠲᠡ ᠦᠶ᠎ᠠ ᠵᠢᠨ ᠰᠡᠳᠬᠢᠯ ᠢ᠋ ᠬᠦᠬᠵᠢᠭᠡᠭᠦ《ᠠᠩᠴᠢᠨ᠎ᠤ ᠲᠣᠭᠯᠠᠭᠠᠮ》

ᠳᠠᠭᠠᠭᠠᠴᠢᠯᠠᠨ ᠡᠷᠬᠢᠯᠡᠬᠦ ᠤᠷᠤᠯᠳᠤᠭᠠᠨ ᠄ ᠳᠠᠩ ᠴᠡᠨᠡᠲᠦ ᠴᠡᠨᠡᠯᠡᠯᠲᠡ ᠢ᠋ᠢᠨ ᠰᠠᠭᠠᠳ ᠲᠠᠪᠠᠨ ᠬᠦᠭᠡᠭᠡᠴᠡᠯᠲᠦᠬᠦ

ᠰᠢᠯᠭᠠᠷᠠᠭᠤᠯᠬᠤ ᠠᠯᠲᠠᠨ ᠮᠧᠳᠠᠯ᠎ᠤᠨ ᠲᠣᠭ᠎ᠠ ᠄ 5

ᠤᠷᠤᠯᠳᠤᠭᠠᠨ᠎ᠤ ᠴᠠᠭ ᠄ 2024 ᠣᠨ᠎ᠤ 2 ᠰᠠᠷ᠎ᠠ᠎ᠶᠢᠨ 17 ᠎ᠡᠴᠡ 21 ᠪᠣᠯᠲᠠᠯ᠎ᠠ

ᠬᠢᠯᠠᠰ ᠴᠡᠭ ᠄ ᠭᠣᠢᠳᠠ ᠰᠡᠢᠬᠠᠨ ᠴᠠᠰᠤᠨ ᠳᠡᠭᠡᠷᠡᠬᠢ ᠲᠦᠷᠭᠡᠨ ᠬᠦᠶᠦᠯᠳᠡ

ᠳᠠᠭᠠᠭᠠᠴᠢᠯᠠᠨ ᠡᠷᠬᠢᠯᠡᠬᠦ ᠤᠷᠤᠯᠳᠤᠭᠠᠨ ᠄ ᠴᠢᠯᠦᠭᠡᠲᠦ ᠴᠡᠨᠡᠯᠡᠯᠲᠡ ᠢ᠋ᠢᠨ ᠰᠠᠭᠠᠳ ᠲᠠᠪᠠᠨ ᠬᠦᠭᠡᠭᠡᠴᠡᠯᠲᠦᠭᠦ

ᠰᠢᠯᠭᠠᠷᠠᠭᠤᠯᠬᠤ ᠠᠯᠲᠠᠨ ᠮᠧᠳᠠᠯ᠎ᠤᠨ ᠲᠣᠭ᠎ᠠ ᠄ 4

ᠤᠷᠤᠯᠳᠤᠭᠠᠨ᠎ᠤ ᠴᠠᠭ ᠄ 2024 ᠣᠨ᠎ᠤ 2 ᠰᠠᠷ᠎ᠠ᠎ᠶᠢᠨ 18᠎ᠡᠴᠡ 20 ᠪᠣᠯᠲᠠᠯ᠎ᠠ

ᠬᠢᠯᠠᠰ ᠴᠡᠭ ᠄ ᠴᠠᠰᠤᠨ ᠲᠡᠭᠡᠷᠡᠬᠢ ᠮᠥᠷᠥ ᠵᠡᠷᠭᠡᠴᠡᠭᠰᠡᠨ ᠦᠨᠳᠦᠷ ᠬᠤᠷᠳᠤᠴᠠᠲᠦ ᠦᠵᠡᠯᠴᠡᠬᠡᠨ



ᠴᠢᠭᠤᠯᠤᠯᠲᠤ ᠬᠠᠭᠠᠯᠭ᠎ᠠ ᠵᠢᠨ ᠤᠯᠤᠰ᠎ᠤᠨ ᠲᠠᠢᠰᠠᠨ ᠡᠴᠡ ᠬᠠᠷᠠᠢᠬᠤ ᠴᠠᠨᠠᠯᠠᠯᠲᠠ ᠵᠢᠨ ᠲᠦᠪ

ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠲᠠᠢᠰᠠᠨ ᠡᠴᠡ ᠬᠠᠷᠠᠢᠬᠤ ᠴᠠᠨᠠᠯᠠᠯᠲᠠ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 9

ᠤᠷᠤᠯᠳᠤᠭᠠᠨ᠎ᠤ ᠴᠠᠭ᠄ 2024 ᠤᠨ᠎ᠤ 1 ᠰᠠᠷ᠎ᠠ ᠵᠢᠨ 31 ᠡᠴᠡ 2 ᠰᠠᠷ᠎ᠠ ᠵᠢᠨ 4 ᠪᠤᠯᠲᠠᠯ᠎ᠠ

ᠭᠢᠯᠠᠰ ᠴᠡᠭ᠄ ᠦᠨᠳᠦᠷ ᠲᠠᠢᠰᠠᠨ ᠡᠴᠡ ᠦᠰᠦᠷᠦᠨ ᠪᠠᠭᠤᠵᠤ ᠰᠠᠯᠬᠢᠨ ᠬᠦᠯᠦᠭᠯᠡᠨ《ᠬᠠᠯᠢᠨ ᠨᠢᠰᠦᠨ᠎ᠡ》





ᠴᠢᠭᠤᠯᠤᠯᠲᠤ ᠬᠠᠭᠠᠯᠭ᠎ᠠ ᠵᠢᠨ ᠤᠯᠤᠰ᠎ᠤᠨ ᠡᠪᠦᠯ᠎ᠤᠨ ᠤᠯᠠᠷᠢᠯ᠎ᠤᠨ ᠬᠤᠶᠠᠷ ᠲᠦᠷᠦᠯ ᠵᠦᠢᠯ᠎ᠤᠨ ᠲᠦᠪ


ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠤᠮᠠᠷᠠᠲᠤ ᠧᠦ᠋ᠷᠦᠫᠡ ᠵᠢᠨ ᠬᠤᠶᠠᠷ ᠲᠦᠷᠦᠯ ᠵᠦᠢᠯ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 3

ᠤᠷᠤᠯᠳᠤᠭᠠᠨ᠎ᠤ ᠴᠠᠭ᠄ 2024 ᠤᠨ᠎ᠤ 1 ᠰᠠᠷ᠎ᠠ ᠵᠢᠨ 25 ᠡᠴᠡ 28 ᠪᠤᠯᠲᠠᠯ᠎ᠠ

ᠭᠢᠯᠠᠰ ᠴᠡᠭ᠄ ᠮᠡᠷᠭᠡᠵᠢᠯ ᠪᠠ ᠲᠡᠰᠪᠦᠷᠢ ᠵᠢᠨ ᠮᠦᠷᠦᠢᠴᠡᠭᠡᠨ



ᠤᠯᠠᠭᠠᠨᠬᠠᠳᠠ ᠵᠢᠨ ᠬᠠᠷᠠᠴᠢᠨ᠎ᠤ ᠮᠡᠢᠷᠡᠨ ᠭᠤᠤ ᠵᠢᠨ ᠴᠠᠨᠠᠯᠠᠯᠲᠠ ᠵᠢᠨ ᠲᠠᠯᠠᠪᠤᠷ


ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠳᠠᠩ ᠴᠠᠨᠠᠲᠤ ᠴᠠᠨᠠᠯᠠᠯᠲᠠ ᠵᠢᠨ ᠲᠡᠭᠰᠢ ᠶᠡᠬᠡ ᠡᠷᠭᠢᠯᠲᠡ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 4

ᠤᠷᠤᠯᠳᠤᠭᠠᠨ᠎ᠤ ᠴᠠᠭ᠄ 2024 ᠤᠨ᠎ᠤ 1 ᠰᠠᠷ᠎ᠠ ᠵᠢᠨ 22 ᠡᠴᠡ 25 ᠪᠤᠯᠲᠠᠯ᠎ᠠ

ᠭᠢᠯᠠᠰ ᠴᠡᠭ᠄ ᠬᠤᠷᠳᠤᠴᠠ ᠪᠠ ᠡᠵᠡᠮᠰᠢᠬᠦ ᠴᠢᠲᠠᠪᠤᠷᠢ ᠢ᠋ᠢᠨ ᠦᠵᠡᠯᠴᠡᠭᠡᠨ



ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠴᠢᠯᠦᠭᠡᠲᠦ ᠴᠠᠨᠠᠯᠠᠯᠲᠠ ᠵᠢᠨ ᠲᠠᠢᠰᠠᠨ ᠡᠴᠡ ᠬᠠᠷᠠᠢᠬᠤ ᠵᠢᠴᠢ ᠪᠡᠯ ᠳᠡᠭᠡᠷᠡᠬᠢ ᠰᠠᠭᠠᠳ ᠳᠠᠪᠠᠬᠤ ᠤᠷ᠎ᠠ ᠮᠡᠷᠭᠡᠵᠢᠯ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 4

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 17 ᠡᠴᠡ 21 ᠪᠤᠯᠲᠠᠯ᠎ᠠ

ᠭᠢᠯᠠᠰ ᠴᠡᠭ᠄ ᠰᠠᠯᠬᠢ ᠬᠦᠯᠦᠭᠯᠡᠨ ᠨᠢᠰᠬᠦ ᠴᠠᠰᠤᠨ ᠳᠡᠭᠡᠷᠡᠬᠢ 《ᠼᠢᠷᠺ》



ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠴᠢᠯᠦᠭᠡᠲᠦ ᠴᠠᠨᠠᠯᠠᠯᠲᠠ ᠵᠢᠨ ᠴᠠᠰᠤᠨ ᠳᠡᠭᠡᠷᠡᠬᠢ ᠤᠷ᠎ᠠ ᠮᠡᠷᠭᠡᠵᠢᠯ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 4

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 18 ᠡᠴᠡ 19 ᠪᠤᠯᠲᠠᠯ᠎ᠠ

ᠭᠢᠯᠠᠰ ᠴᠡᠭ᠄ 《 ᠤᠯᠠᠨ ᠠᠷᠪᠢᠨ ᠳᠤᠪᠤᠴᠠᠭ 》 ᠳᠡᠬᠢ ᠤᠷᠤᠯᠳᠤᠭᠠᠨ᠎ᠤ ᠲᠠᠯᠠᠪᠤᠷ




ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠳᠠᠩ ᠴᠠᠨᠠᠲᠤ ᠴᠠᠨᠠᠯᠠᠯᠲᠠ ᠵᠢᠨ ᠲᠠᠢᠰᠠᠨ ᠡᠴᠡ ᠬᠠᠷᠠᠢᠬᠤ ᠵᠢᠴᠢ ᠪᠡᠯ ᠳᠡᠭᠡᠷᠡᠬᠢ ᠰᠠᠭᠠᠳ ᠳᠠᠪᠠᠬᠤ ᠤᠷ᠎ᠠ ᠮᠡᠷᠭᠡᠵᠢᠯ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 8

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 20 ᠡᠴᠡ 26 ᠪᠤᠯᠲᠠᠯ᠎ᠠ

ᠭᠢᠯᠠᠰ ᠴᠡᠭ᠄ ᠡᠷᠭᠢᠯᠲᠡ ᠦᠰᠦᠷᠦᠯᠲᠡ ᠨᠢᠰᠬᠦ ᠮᠡᠲᠦ ᠲᠦᠷᠦᠭᠳᠡᠯ





ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠴᠢᠯᠦᠭᠡᠲᠦ ᠴᠠᠨᠠᠯᠠᠯᠲᠠ ᠵᠢᠨ ᠦᠨᠳᠦᠷ ᠳᠡᠭᠡᠷᠡᠬᠢ ᠤᠷ᠎ᠠ ᠮᠡᠷᠭᠡᠵᠢᠯ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 6

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 21 ᠡᠴᠡ 24 ᠪᠤᠯᠲᠠᠯ᠎ᠠ

ᠭᠢᠯᠠᠰ ᠴᠡᠭ᠄ ᠭᠤᠢᠳᠠ ᠰᠠᠢᠬᠠᠨ《ᠠᠭᠠᠷ ᠳᠡᠬᠢ ᠪᠦᠵᠢᠭ》


ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠴᠢᠯᠦᠭᠡᠲᠦ ᠴᠠᠨᠠᠯᠠᠯᠲᠠ ᠵᠢᠨ U ᠲᠠᠯᠠᠪᠤᠷ᠎ᠤᠨ ᠤᠷ᠎ᠠ ᠮᠡᠷᠭᠡᠵᠢᠯ

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 4

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 24 ᠡᠴᠡ 26 ᠪᠤᠯᠲᠠᠯ᠎ᠠ

ᠭᠢᠯᠠᠰ ᠴᠡᠭ᠄ ᠴᠠᠰᠤ ᠪᠡᠷ ᠵᠢᠭᠤᠯᠴᠢᠯᠠᠨ ᠤᠷ᠎ᠠ ᠮᠡᠷᠭᠡᠵᠢᠯ ᠵᠢᠡᠨ ᠭᠠᠢᠬᠠᠭᠤᠯᠤᠨ᠎ᠠ




ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠮᠦᠰᠦᠨ ᠳᠡᠭᠡᠷᠡᠬᠢ ᠲᠠᠮᠢᠷ᠎ᠤᠨ ᠬᠦᠳᠡᠯᠭᠡᠭᠡᠨ᠎ᠤ ᠪᠤᠯᠪᠠᠰᠤᠷᠠᠯ᠎ᠤᠨ ᠲᠦᠪ᠎ᠤᠨ ᠮᠦᠰᠦᠨ ᠪᠦᠮᠪᠦᠭᠡ ᠮᠦᠰᠦᠨ ᠳᠡᠪᠦᠷ᠎ᠡ ᠵᠢᠨ ᠤᠷᠳᠤᠨ




ᠳᠠᠭᠠᠭᠠᠴᠢᠯᠠᠨ ᠡᠷᠬᠢᠯᠡᠬᠦ ᠤᠷᠤᠯᠳᠤᠭᠠᠨ ᠄ ᠮᠦᠰᠦᠨ ᠪᠦᠮᠪᠦᠭᠡ (ᠡᠮᠡᠭᠲᠡᠢ ᠵᠢᠨ ᠢᠯᠡ ᠤᠷᠤᠯᠳᠤᠭᠠᠨ᠎ᠤ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 1

ᠤᠷᠤᠯᠳᠤᠭᠠᠨ᠎ᠤ ᠴᠠᠭ᠄ 2023 ᠤᠨ᠎ᠤ 7 ᠰᠠᠷ᠎ᠠ ᠵᠢᠨ 13 ᠡᠴᠡ 22 ᠪᠤᠯᠲᠠᠯ᠎ᠠ



ᠳᠠᠭᠠᠭᠠᠴᠢᠯᠠᠨ ᠡᠷᠬᠢᠯᠡᠬᠦ ᠤᠷᠤᠯᠳᠤᠭᠠᠨ ᠄ ᠮᠦᠰᠦᠨ ᠪᠦᠮᠪᠦᠭᠡ(ᠡᠷᠡᠭᠲᠡᠢ ᠵᠢᠨ ᠢᠯᠡ ᠤᠷᠤᠯᠳᠤᠭᠠᠨ᠎ᠤ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 1

ᠤᠷᠤᠯᠳᠤᠭᠠᠨ᠎ᠤ ᠴᠠᠭ᠄ 2023 ᠤᠨ᠎ᠤ 7 ᠰᠠᠷ᠎ᠠ ᠵᠢᠨ 28 ᠡᠴᠡ 8 ᠰᠠᠷ᠎ᠠ ᠵᠢᠨ 6 ᠪᠤᠯᠲᠠᠯ᠎ᠠ



ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠮᠦᠰᠦᠨ ᠪᠦᠮᠪᠦᠭᠡ(ᠵᠠᠯᠠᠭᠤᠴᠤᠳ᠎ᠤᠨ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 2

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 16 ᠡᠴᠡ 27 ᠪᠤᠯᠲᠠᠯ᠎ᠠ

ᠭᠢᠯᠠᠰ ᠴᠡᠭ᠄ ᠬᠦᠴᠦᠨ ᠴᠢᠳᠠᠯ ᠪᠠ ᠭᠤᠸ᠎ᠠ ᠵᠦᠢ ᠬᠤᠤᠰᠯᠠᠭᠰᠠᠨ《ᠪᠠᠭᠠᠲᠤᠷᠴᠤᠳ᠎ᠤᠨ ᠲᠤᠭᠯᠠᠭᠠᠮ》



ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠮᠦᠰᠦᠨ ᠳᠡᠪᠦᠷ᠎ᠡ(ᠵᠠᠯᠠᠭᠤᠴᠤᠳ᠎ᠤᠨ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 3

ᠤᠷᠤᠯᠳᠤᠭᠠᠨ᠎ᠤ ᠴᠠᠭ᠄ 2024 ᠤᠨ᠎ᠤ 1 ᠰᠠᠷ᠎ᠠ ᠵᠢᠨ 9 ᠡᠴᠡ 17 ᠪᠤᠯᠲᠠᠯ᠎ᠠ



ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠮᠦᠰᠦᠨ ᠳᠡᠪᠦᠷ᠎ᠡ(ᠢᠯᠡ ᠤᠷᠤᠯᠳᠤᠭᠠᠨ᠎ᠤ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 3

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 14 ᠡᠴᠡ 27 ᠪᠤᠯᠲᠠᠯ᠎ᠠ

ᠭᠢᠯᠠᠰ ᠴᠡᠭ ᠄ ᠮᠦᠰᠦᠨ ᠳᠡᠭᠡᠷᠡᠬᠢ《ᠤᠯᠠᠨ ᠤᠯᠤᠰ᠎ᠤᠨ ᠰᠢᠲᠠᠷ᠎ᠠ》ᠢᠷᠠᠭᠤ ᠰᠠᠢᠬᠠᠨ ᠪᠦᠭᠡᠳ ᠰᠤᠨᠢᠨ ᠰᠡᠪᠡᠬᠦᠨ



ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠮᠦᠰᠦᠨ ᠳᠡᠭᠡᠷᠡᠬᠢ ᠲᠠᠮᠢᠷ᠎ᠤᠨ ᠬᠦᠳᠡᠯᠭᠡᠭᠡᠨ᠎ᠤ ᠪᠤᠯᠪᠠᠰᠤᠷᠠᠯ᠎ᠤᠨ ᠲᠦᠪ᠎ᠤᠨ ᠤᠢᠷ᠎ᠠ ᠵᠠᠮ᠎ᠤᠨ ᠲᠦᠷᠭᠡᠨ ᠲᠠᠰᠢᠯᠲᠠ ᠵᠢᠨ ᠤᠷᠳᠤᠨ



ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠤᠢᠷ᠎ᠠ ᠵᠠᠮ᠎ᠤᠨ ᠲᠦᠷᠭᠡᠨ ᠲᠠᠰᠢᠯᠲᠠ(ᠵᠠᠯᠠᠭᠤᠴᠤᠳ᠎ᠤᠨ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 9

ᠤᠷᠤᠯᠳᠤᠭᠠᠨ᠎ᠤ ᠴᠠᠭ᠄ 2024 ᠤᠨ᠎ᠤ 1 ᠰᠠᠷ᠎ᠠ ᠵᠢᠨ 11 ᠡᠴᠡ 14 ᠪᠤᠯᠲᠠᠯ᠎ᠠ



ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠤᠢᠷ᠎ᠠ ᠵᠠᠮ᠎ᠤᠨ ᠲᠦᠷᠭᠡᠨ ᠲᠠᠰᠢᠯᠲᠠ(ᠢᠯᠡ ᠤᠷᠤᠯᠳᠤᠭᠠᠨ᠎ᠤ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 9

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 15 ᠡᠴᠡ 18 ᠪᠤᠯᠲᠠᠯ᠎ᠠ

ᠭᠢᠯᠠᠰ ᠴᠡᠭ᠄ ᠮᠦᠰᠦᠨ ᠳᠡᠭᠡᠷ᠎ᠡ ᠬᠤᠷᠳᠤᠴᠠ ᠬᠢᠭᠡᠳ ᠤᠷᠭᠢᠯᠤᠮ᠎ᠠ ᠰᠡᠳᠬᠢᠯᠭᠡ ᠵᠢ ᠤᠢᠯᠠᠭᠠᠬᠤ



ᠳᠠᠭᠠᠭᠠᠴᠢᠯᠠᠨ ᠡᠷᠬᠢᠯᠡᠬᠦ ᠤᠷᠤᠯᠳᠤᠭᠠᠨ ᠄ ᠤᠷᠠᠨ ᠲᠠᠰᠢᠯᠲᠠ(ᠵᠠᠯᠠᠭᠤᠴᠤᠳ᠎ᠤᠨ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 4

ᠤᠷᠤᠯᠳᠤᠭᠠᠨ᠎ᠤ ᠴᠠᠭ᠄ 2024 ᠤᠨ᠎ᠤ 1ᠰᠠᠷ᠎ᠠ ᠵᠢᠨ 18 ᠡᠴᠡ 19 ᠪᠤᠯᠲᠠᠯ᠎ᠠ


ᠳᠠᠭᠠᠭᠠᠴᠢᠯᠠᠨ ᠡᠷᠬᠢᠯᠡᠬᠦ ᠤᠷᠤᠯᠳᠤᠭᠠᠨ ᠄ ᠤᠷᠠᠨ ᠲᠠᠰᠢᠯᠲᠠ(ᠢᠯᠡ ᠤᠷᠤᠯᠳᠤᠭᠠᠨ᠎ᠤ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 5

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 21 ᠡᠴᠡ 26 ᠪᠤᠯᠲᠠᠯ᠎ᠠ

ᠭᠢᠯᠠᠰ ᠴᠡᠭ ᠄ ᠮᠦᠰᠦᠨ ᠳᠡᠭᠡᠷᠡᠬᠢ ᠪᠠᠯᠧᠲ ᠪᠦᠵᠢᠭ ᠰᠤᠨᠢᠷᠬᠠᠵᠤ ᠬᠠᠷᠠᠭ᠎ᠠ ᠪᠠᠨ ᠮᠢᠯᠢᠶᠠᠨ᠎ᠠ



ᠬᠦᠯᠦᠨ ᠪᠤᠢᠷ᠎ᠤᠨ ᠶᠡᠬᠡ ᠲᠢᠶᠠᠲᠷ



ᠠᠷᠪᠠᠨ ᠳᠦᠷᠪᠡᠳᠦᠭᠡᠷ ᠬᠤᠭᠤᠴᠠᠭᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭᠯᠠᠭᠠᠨ ᠎ᠤ᠋ ᠲᠡᠭᠦᠰᠬᠡᠯ᠎ᠤᠨ ᠶᠤᠰᠤᠯᠠᠯ

ᠡᠷᠬᠢᠯᠡᠬᠦ ᠴᠠᠭ᠄ 2024 ᠤᠨ᠎ᠤ 2 ᠰᠠᠷ᠎ᠠ ᠵᠢᠨ 27 ᠎ᠤ᠋ ᠡᠳᠦᠷ

ᠭᠢᠯᠠᠰ ᠴᠡᠭ᠄ ᠮᠦᠰᠦ ᠴᠠᠰᠤᠨ᠎ᠤ ᠦᠪᠡᠳᠡᠭᠰᠢ ᠴᠤᠭᠯᠠᠭᠠᠨ᠎ᠤ ᠠᠶᠠᠷᠯᠠᠨ ᠰᠠᠯᠬᠤ ᠮᠦᠴᠡ


ᠠᠷᠪᠠᠨ ᠳᠦᠷᠪᠡᠳᠦᠭᠡᠷ ᠬᠤᠭᠤᠴᠠᠭᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭᠯᠠᠭᠠᠨ ᠎ᠤ᠋ ᠡᠬᠢᠯᠡᠯᠲᠡ ᠵᠢᠨ ᠶᠤᠰᠤᠯᠠᠯ

ᠡᠷᠬᠢᠯᠡᠬᠦ ᠴᠠᠭ᠄ 2024 ᠤᠨ᠎ᠤ 2 ᠰᠠᠷ᠎ᠠ ᠵᠢᠨ 17 ᠎ᠤ᠋ ᠡᠳᠦᠷ

ᠭᠢᠯᠠᠰ ᠴᠡᠭ ᠄ ᠭᠤᠤᠯ ᠭᠠᠯ ᠪᠠᠮᠪᠠᠷ᠎ᠢ ᠬᠡᠷᠬᠢᠨ ᠠᠰᠠᠭᠠᠬᠤ ᠵᠢ ᠰᠤᠨᠢᠷᠬᠠᠬᠤ




ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠮᠦᠰᠦᠨ ᠳᠡᠭᠡᠷᠡᠬᠢ ᠲᠠᠮᠢᠷ᠎ᠤᠨ ᠬᠦᠳᠡᠯᠭᠡᠭᠡᠨ᠎ᠤ ᠪᠤᠯᠪᠠᠰᠤᠷᠠᠯ᠎ᠤᠨ ᠲᠦᠪ᠎ᠤᠨ ᠲᠦᠷᠭᠡᠨ ᠲᠠᠰᠢᠯᠲᠠ ᠵᠢᠨ ᠤᠷᠳᠤᠨ




ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠲᠦᠷᠭᠡᠨ ᠲᠠᠰᠢᠯᠲᠠ(ᠢᠯᠡ ᠤᠷᠤᠯᠳᠤᠭᠠᠨ᠎ᠤ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 14

ᠤᠷᠤᠯᠳᠤᠭᠠᠨ᠎ᠤ ᠴᠠᠭ᠄ 2024 ᠤᠨ᠎ᠤ 1 ᠰᠠᠷ᠎ᠠ ᠵᠢᠨ 11 ᠡᠴᠡ 14 ᠪᠤᠯᠲᠠᠯ᠎ᠠ


ᠳᠠᠭᠠᠭᠠᠴᠢᠯᠠᠨ ᠡᠷᠬᠢᠯᠡᠬᠦ ᠤᠷᠤᠯᠳᠤᠭᠠᠨ᠄ ᠲᠦᠷᠭᠡᠨ ᠲᠠᠰᠢᠯᠲᠠ(ᠵᠠᠯᠠᠭᠤᠴᠤᠳ᠎ᠤᠨ ᠳᠤᠭᠤᠢᠯᠠᠩ)

ᠰᠢᠯᠭᠠᠷᠠᠭᠤᠯᠬᠤ ᠠᠯᠲᠠᠨ ᠮᠧᠲᠠᠯ᠎ᠤᠨ ᠲᠤᠭ᠎ᠠ᠄ 12

ᠤᠷᠤᠯᠳᠤᠭᠠᠨ᠎ᠤ ᠴᠠᠭ᠄ 2024 ᠤᠨ᠎ᠤ 2 ᠰᠠᠷ᠎ᠠ ᠵᠢᠨ 24 ᠡᠴᠡ 27 ᠪᠤᠯᠲᠠᠯ᠎ᠠ

ᠭᠢᠯᠠᠰ ᠴᠡᠭ᠄ 《ᠰᠤᠳᠤᠴᠤᠤᠯ᠎ᠤᠨ ᠲᠡᠮᠡᠴᠡᠭᠡᠨ》᠎ᠳᠤ ᠮᠠᠩᠯᠠᠢ ᠪᠤᠯᠢᠶᠠᠯᠳᠤᠬᠤ



(ᠲᠤᠰ ᠰᠤᠨᠢᠨ ᠎ᠤ ᠰᠤᠷᠪᠤᠯᠵᠢᠯᠠᠭᠴᠢ ᠯᠢ ᠼᠦᠨ ᠰᠢᠶᠠ ᠡᠮᠬᠢᠯᠡᠪᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面