2024-02-19 17:42:08
2 ᠰᠠᠷ᠎ᠠ᠎ᠶ᠋ᠢᠨ 18 ᠤ ᠡᠳᠦᠷ᠂ᠵᠠᠯᠠᠨ ᠠᠢᠯ ᠬᠤᠳᠠ᠎ᠶᠢᠨ ᠵᠢᠨ ᠯᠦᠩ ᠱᠠᠨ ᠴᠠᠨᠠᠯᠠᠯᠳᠠ᠎ᠶᠢᠨ ᠳᠠᠯᠠᠪᠠᠢ᠎ᠳᠤ ᠪᠠᠭ᠎ᠠ ᠴᠠᠰᠤ ᠬᠠᠶᠠᠯᠠᠨ ᠲᠡᠭᠷᠢᠬᠦᠢᠳᠡᠷᠡᠭᠰᠡᠨ ᠪᠤᠯᠪᠠᠴᠤ ᠲᠠᠯᠠᠪᠠᠶ ᠲᠦᠬᠦᠷᠡᠩ ᠦᠵᠡᠭᠴᠢᠳ ᠪᠠ ᠲᠠᠮᠢᠷᠴᠢᠳ᠎ᠤᠨ ᠤᠷᠬᠢᠯᠤᠮ᠎ᠠ ᠬᠠᠯᠠᠭᠤᠨ ᠤᠷᠮᠠᠵᠤᠷᠢᠭᠢ ᠦᠴᠦᠬᠡᠨᠴᠤ ᠨᠦᠯᠦᠭᠡᠯᠡᠭᠰᠡᠨ ᠦᠬᠡᠢ ᠪᠠᠢᠯ᠎ᠠ᠃ ᠲᠤᠰ ᠡᠳᠦᠷ ᠠᠷᠪᠠᠨ ᠳᠥᠷᠪᠡᠳᠦᠭᠡᠷ ᠬᠤᠭᠤᠴᠠᠭᠠᠨᠤᠪᠥᠬᠥ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠴᠢᠯᠥᠭᠡᠲᠦ ᠴᠠᠨᠠᠯᠠᠯᠳᠠ᠎ᠶᠢᠨ ᠤᠷ᠎ᠠ ᠮᠡᠷᠭᠡᠵᠢᠯ᠎ᠤᠨ ᠢᠯᠠ ᠲᠤᠭᠤᠢᠯᠠᠩᠤᠨᠤᠷᠤᠯᠳᠤᠭᠠᠨ ᠢᠳᠡ ᠬᠦᠭ ᠲᠠᠢ ᠶᠠᠪᠤᠭᠳᠠᠵᠦ᠂ ᠡᠷᠡᠭᠳᠡᠢ᠎ᠶᠢᠨ ᠰᠢᠢᠳᠪᠤᠷᠢᠳᠦ ᠤᠷᠤᠯᠳᠤᠭᠠᠨ᠎ᠳᠤ ᠪᠡᠭᠡᠵᠢᠩᠤᠨᠠᠩᠬᠢᠶᠢᠨ ᠲᠠᠮᠢᠷᠴᠢᠨ ᠯᠦᠩ ᠬᠤᠤ 65.70 ᠬᠤᠪᠢ ᠪᠡᠷ ᠮᠠᠩᠯᠠᠢᠯᠠᠵᠦ᠂ᠡᠮᠡᠭᠳᠡᠢ᠎ᠶᠢᠨ ᠰᠢᠢᠳᠪᠤᠷᠢᠳᠦ ᠤᠷᠤᠯᠳᠤᠭᠠᠨ᠎ᠳᠤ ᠾᠧᠨᠠᠨ᠎ᠤ ᠠᠩᠭᠢ᠎ᠶ᠋ᠢᠨ ᠲᠠᠮᠢᠷᠴᠢᠨ ᠬᠤᠤ ᠯᠢ ᠪᠢᠨ 61.80 ᠬᠤᠪᠢᠪᠠᠷᠮᠠᠩᠯᠠᠢᠯᠠᠵᠠᠢ᠃
ᠴᠠᠰᠤ ᠲᠠᠢ ᠡᠳᠦᠷ ᠤᠷᠤᠯᠳᠤᠭᠠᠨ᠎ᠢ ᠨᠦᠯᠦᠬᠡᠯᠡᠬᠦ ᠡᠰᠡᠬᠦ᠎ᠵᠢ ᠠᠰᠠᠭᠤᠬᠤ ᠳ᠋ᠤ ᠲᠠᠮᠢᠷᠴᠢᠨ ᠬᠤᠤ ᠯᠢᠪᠢᠨ᠄ 《ᠡᠨᠡ ᠡᠳᠦᠷ᠎ᠤᠨ ᠴᠠᠭ ᠠᠭᠤᠷ ᠵᠢᠭᠠᠬᠠᠨ ᠨᠦᠯᠦᠭᠡ ᠲᠠᠢ᠂ ᠴᠠᠰᠤ ᠤᠷᠤᠭᠰᠠᠨ᠎ᠤ ᠳᠠᠷᠠᠭᠠᠴᠠᠨᠠᠯᠠᠯᠳᠠᠶᠢᠨ ᠳᠠᠯᠠᠪᠠᠢ ᠬᠠᠳᠠᠭᠤ ᠪᠤᠯᠳᠠᠭ᠂ ᠡᠨᠡ ᠨᠢ ᠨᠠᠳᠠ᠎ᠳᠤ ᠨᠡᠩ ᠶᠡᠬᠡ ᠰᠢᠯᠭᠠᠯᠳᠠ ᠪᠤᠯᠤᠯ᠎ᠠ᠂ ᠭᠡᠪᠡᠴᠦᠪᠢ ᠡᠨᠡ ᠡᠳᠦᠷ ᠤᠷ᠎ᠠ ᠮᠡᠷᠭᠡᠵᠢᠯ᠎ᠢᠶᠡᠨ ᠮᠠᠰᠢ ᠰᠠᠢᠨ ᠪᠠᠳᠠᠷᠠᠭᠤᠯᠵᠦ ᠴᠢᠳᠠᠭᠰᠠᠨ》 ᠭᠡᠵᠦ ᠪᠠᠶᠠᠷᠳᠠᠢᠬᠠᠨ ᠬᠡᠯᠡᠨ᠎ᠠ᠃ ᠡᠨᠡ ᠵᠢᠯ 19 ᠨᠠᠰᠤᠳᠠᠢ ᠬᠤᠤ ᠯᠢ ᠪᠢᠨ 2018 ᠣᠨ᠎ᠤ ᠰᠡᠭᠦᠯᠴᠢ᠎ᠡᠴᠡ ᠡᠬᠢᠯᠡᠨ ᠴᠢᠯᠥᠭᠡᠲᠦ ᠴᠠᠨᠠᠯᠠᠯᠳᠠ᠎ᠶᠢᠨ ᠤᠷ᠎ᠠ ᠮᠡᠷᠭᠡᠵᠢᠯᠤᠨᠪᠤᠯᠪᠠᠰᠤᠷᠠᠯ ᠬᠢᠵᠦ ᠡᠬᠢᠯᠡᠵᠡᠢ᠃
ᠭᠤᠷᠪᠠᠨ ᠡᠭᠡᠯᠵᠢ᠎ᠶᠢᠨ ᠬᠤᠷᠴᠠ ᠰᠢᠷᠦᠬᠦᠨ ᠦᠷᠢᠰᠦᠯᠳᠦᠭᠡᠨᠢᠶᠡᠷᠳᠠᠮᠵᠢᠨ ᠠᠩᠬ᠎ᠠ ᠤᠳᠠᠭ᠎ᠠ ᠠᠯᠳᠠᠨ ᠮᠧᠳᠠᠯ ᠲᠤᠰᠴᠤ ᠪᠠᠢᠭ᠎ᠠ ᠯᠦᠩ ᠬᠤᠤ᠄ 《ᠮᠠᠰᠢ ᠪᠠᠶᠠᠷᠯᠠᠵᠤ ᠪᠠᠢᠨ᠎ᠠ᠂ ᠠᠯᠳᠠᠨ ᠮᠧᠳᠠᠯ ᠲᠤᠰᠤᠨ᠎ᠠ ᠭᠡᠵᠦ᠍ ᠦᠨᠡᠭᠡᠷ ᠪᠣᠳᠣᠵᠤ ᠣᠯᠤᠭ᠍ᠰᠠᠨ᠎ᠦᠭᠡᠢ》 ᠭᠡᠵᠦ ᠲᠤᠭᠳᠤᠯᠤᠨ ᠬᠡᠯᠡᠨ᠎ᠠ᠃


ᠴᠢᠯᠥᠭᠡᠲᠦ ᠴᠠᠨᠠᠯᠠᠯᠳᠠ᠎ᠶᠢᠨ ᠴᠠᠰᠤᠨ ᠳᠡᠭᠡᠷᠡᠬᠢ ᠤᠷ᠎ᠠ ᠮᠡᠷᠭᠡᠵᠢᠯ᠎ᠤᠨ ᠬᠦᠴᠢᠷ᠎ᠦᠨ ᠬᠡᠮᠵᠢᠶ᠎ᠡ ᠨᠢ ᠮᠠᠰᠢ ᠥᠨᠳᠥᠷ᠂ ᠰᠣᠨᠢᠷᠬᠠᠯᠲᠤ ᠴᠢᠨᠠᠷᠢᠶᠠᠷᠴᠢᠩᠭᠠ᠂ ᠮᠠᠨ᠎ᠤ ᠤᠯᠤᠰ᠎ᠤᠨ ᠮᠥᠰᠥ᠍ ᠴᠠᠰᠤᠨ᠎ᠤ ᠲᠠᠮᠢᠷ᠎ᠤᠨ ᠬᠥᠳᠡᠯᠭᠡᠭᠡᠨ᠎ᠦ ᠬᠥᠭ᠌ᠵᠢᠯᠲᠡ ᠳᠤᠮᠳᠠ ᠨᠡᠯᠢᠶᠡᠳᠣᠷᠣᠶ ᠡᠬᠢᠯᠡᠭ᠌ᠰᠡᠨ ᠳᠠᠮᠢᠷ᠎ᠤᠨ ᠲᠦᠷᠦᠯ ᠪᠤᠯᠤᠨ᠎ᠠ᠃ ᠤᠷᠤᠯᠳᠤᠭᠠᠨ᠎ᠤ ᠳᠤᠮᠳᠠ᠂ ᠳᠠᠮᠢᠷᠴᠢᠳ ᠴᠠᠰᠤᠳᠦ ᠬᠥᠲᠥᠯᠢᠶᠡᠷᠲᠤᠷᠤᠭᠰᠢ ᠴᠠᠨᠠᠯᠠᠬᠤ ᠲᠤᠮᠳᠠ ᠬᠤᠯᠬᠢᠶᠠ ᠡᠷᠭᠢᠯᠳᠡ᠂ ᠤᠭᠳᠠᠷᠭᠤᠢ᠎ᠳᠡᠬᠢ ᠲᠤᠩᠭᠤᠷᠠᠯᠳᠠ ᠵᠢᠴᠢ ᠲᠦᠷᠭᠡᠨ ᠴᠠᠨᠠᠯᠠᠯᠳᠠᠵᠢᠪᠡᠶᠡᠯᠡᠬᠦᠯᠵᠦ᠂ ᠡᠴᠦᠰ᠎ᠲᠦ ᠬᠤᠯᠬᠢᠶᠠ ᠡᠷᠭᠢᠯᠳᠡ᠂ ᠤᠭᠳᠠᠷᠭᠤᠢ᠎ᠳᠡᠬᠢ ᠲᠤᠩᠭᠤᠷᠠᠯᠳᠠᠶᠢᠨ ᠴᠢᠨᠰᠠᠭ᠎ᠠ ᠵᠢᠴᠢᠴᠠᠭᠢ ᠠᠳᠠᠯᠢᠳᠬᠠᠨ ᠬᠤᠪᠢ ᠳᠡᠮᠳᠡᠭᠯᠡᠨ ᠰᠢᠯᠭᠠᠷᠠᠭᠤᠯᠳᠠᠭ᠃
ᠰᠤᠷᠪᠤᠯᠵᠢᠯᠠᠭᠴᠢ᠄ ᠬᠦᠭᠵᠢᠯᠳᠦ
ᠭᠡᠷᠡᠯ ᠵᠢᠷᠤᠭ᠄ ᠪᠢᠯᠢᠭᠳᠦ
ᠰᠡᠬᠦᠳᠡᠷᠯᠡᠭᠴᠢ᠂ ᠹᠢᠯᠢᠮ ᠦᠢᠯᠡᠳᠦᠭᠴᠢ᠄ ᠬᠦᠪᠴᠢᠨ
ᠬᠦᠳᠦᠯᠦᠭᠴᠢ᠄ ᠦᠨᠢᠷ
ᠬᠢᠨᠠᠭᠴᠢ᠄ᠪᠢᠯᠢᠭᠳᠦ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃