2024-02-20 10:52:23
ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷᠤᠨᠴᠤᠭ᠍ᠯᠠᠭᠠᠨᠤ ᠣᠢᠷ᠎ᠠ ᠵᠠᠮ᠎ᠤᠨ ᠲᠦᠷᠭᠡᠨ ᠲᠡᠱᠢᠯᠲᠡ᠎ᠶ᠋ᠢᠨ ᠢᠯᠡ ᠳᠤᠭᠤᠢᠯᠠᠩ᠎ᠤᠨ ᠬᠠᠮᠤᠭ ᠰᠡᠭᠦᠯᠴᠢ ᠶ᠋ᠢᠨᠤᠷᠤᠯᠳᠤᠭᠠᠨᠤ ᠡᠳᠦᠷ ᠳᠠᠷᠤᠢ 2 ᠰᠠᠷ᠎ᠠ᠎ᠶ᠋ᠢᠨ 18᠎ᠤ ᠡᠳᠦᠷ᠂ ᠤᠷᠤᠯᠳᠤᠭᠠᠨ ᠮᠠᠰᠢ ᠬᠤᠷᠴᠠ ᠱᠢᠷᠦᠭᠦᠨ ᠶᠠᠪᠤᠭᠳᠠᠯ᠎ᠠ᠃
ᠡᠮᠡᠭ᠌ᠲᠡᠶ᠎ᠶ᠋ᠢᠨ 1000 ᠮᠧᠲ᠋ᠷ᠎ᠦᠨ ᠤᠷᠤᠯᠳᠤᠭᠠᠨ᠎ᠳᠦ᠂ ᠡᠮᠡᠭ᠌ᠲᠡᠶ᠎ᠶ᠋ᠢᠨ1500 ᠮᠧᠲ᠋ᠷ᠎ᠦᠨ ᠮᠠᠩᠯᠠᠶ ᠪᠤᠯᠬᠤ ᠬᠠᠷᠠᠮᠥ᠋ᠷᠡᠨ᠎ᠦ ᠠᠩᠭᠢ᠎ᠶᠢᠨ ᠽᠠᠩ ᠢ ᠽᠸ ᠪᠣᠯᠤᠨ ᠬᠠᠭᠠᠰ ᠱᠢᠶ᠋ᠳᠪᠦᠷᠢᠲᠦᠤᠷᠤᠯᠳᠤᠭᠠᠨᠳᠦ ᠬᠠᠮᠤᠭ ᠰᠠᠢᠨ ᠬᠢᠷᠢ ᠪᠦᠲᠦᠮᠵᠢ ᠤᠯᠤᠬᠰᠠᠨ ᠱᠠᠨᠳᠦ᠋ᠩ᠎ᠦᠨ ᠠᠩᠭᠢ᠎ᠶ᠋ᠢᠨ ᠲᠠᠮᠢᠷᠴᠢᠨ ᠵᠢᠶᠠᠬᠤᠢ ᠯᠢᠩ ᠱᠢᠶ᠋ᠳᠪᠦᠷᠢᠲᠦ ᠤᠷᠤᠯᠳᠤᠭᠠᠨ᠎ᠤ ᠬᠠᠭᠠᠰ ᠵᠠᠢ᠎ᠶᠢᠨ ᠮᠤᠷᠤᠢᠯᠲᠠ᠎ᠶ᠋ᠢᠨ ᠵᠠᠮ᠎ᠳᠤ ᠤᠷᠤᠮᠠᠭᠴᠠ ᠬᠤᠶᠠᠭᠤᠯᠠᠪᠦᠷ ᠤᠢᠴᠢᠵᠦ ᠰᠢᠷᠠᠭᠳᠤᠬᠰᠠᠨ ᠪᠦᠭᠡᠳ ᠬᠠᠷᠢᠭᠤᠴᠠᠯᠭ᠎ᠠ ᠡᠭᠦᠷᠭᠡᠯᠡᠬᠦ᠌ ᠱᠢᠶ᠋ᠳᠭᠡᠯ ᠣᠯᠵᠠᠶ᠃ ᠯᠢᠶᠣᠤᠨᠢᠩ ᠮᠤᠵᠢᠪᠤᠯᠤᠨᠥᠪᠥᠷ ᠮᠣᠩᠭᠣᠯ ᠬᠠᠮᠲᠤᠷᠠᠨ ᠬᠦᠮᠦᠵᠢᠭᠦᠯᠦᠭᠰᠡᠨ ᠲᠠᠮᠢᠷᠴᠢᠨ ᠵᠤᠤ ᠶᠤᠸᠠᠨ ᠸᠧᠢ ᠪᠦᠬᠦ ᠬᠦᠴᠦᠨᠶ᠋ᠢᠡᠷᠶ᠋ᠢᠡᠨᠲᠠᠭᠠᠷᠢᠵᠦ᠂ 1 ᠮᠢᠨᠦ᠋ᠲ 31 ᠰᠧᠺᠦ᠋ᠨ᠋ᠳ᠋ 965 ᠵᠢᠨ ᠬᠢᠷᠢ ᠪᠦᠲᠦᠮᠵᠢ ᠪᠡᠷ ᠲᠦᠷᠦᠭᠦᠯᠡᠵᠦ ᠠᠯᠲᠠᠨ ᠮᠧᠳᠠᠯᠭᠠᠷᠳᠠᠪᠠ᠃ ᠳᠠᠷᠠᠭ᠎ᠠ ᠨᠢ ᠶᠠᠪᠤᠭ᠍ᠳᠠᠭ᠍ᠰᠠᠨ ᠡᠮᠡᠭ᠌ᠲᠡᠶ᠎ᠶ᠋ᠢᠨ 3000 ᠮᠧᠲ᠋ᠷ᠎ᠦᠨ ᠪᠤᠤᠬᠢᠶ᠎ᠠ ᠤᠷᠤᠯᠳᠤᠭᠠᠨ᠎ᠳᠤ᠂ᠵᠣᠣ ᠶᠤᠸᠠᠨ ᠸᠧᠶ ᠯᠢᠶᠣᠤᠨᠢᠩ᠎ᠤᠨ ᠠᠩᠭᠢ᠎ᠶ᠋ᠢᠨ ᠲᠠᠮᠢᠷᠴᠢᠨ᠎ᠲᠠᠶ ᠬᠠᠮᠳᠤ ᠪᠡᠷ ᠮᠥᠩᠭᠥᠨ ᠮᠧᠳᠠᠯ ᠣᠯᠵᠠᠶ᠃




ᠵᠣᠣ ᠶᠤᠸᠠᠨ ᠸᠧᠶ 2003 ᠣᠨ᠎ᠤ 10 ᠰᠠᠷ᠎ᠠ᠎ᠳᠤ ᠲᠦᠷᠦᠵᠠᠢ᠃2018 ᠣᠨ᠎ᠳᠤ ᠲᠤᠮᠳᠠᠳᠤ ᠤᠯᠤᠰ᠎ᠤᠨ ᠵᠠᠯᠠᠭᠤᠴᠤᠳ᠎ᠤᠨ ᠠᠩᠭᠢ᠎ᠶ᠋ᠢ ᠲᠥᠯᠥᠭᠡᠯᠡᠨ ᠤᠯᠠᠨ ᠤᠯᠤᠰ᠎ᠤᠨ ᠤᠷᠤᠯᠳᠤᠭᠠᠨᠳᠤᠣᠷᠣᠯᠴᠠᠵᠤ᠂ 2023 ᠣᠨ᠎ᠤ ᠬᠢᠷᠢ ᠪᠦᠲᠦᠮᠵᠢ ᠨᠢ ᠲᠤᠪᠤᠢ᠌ᠮᠠᠪᠠᠢᠵᠤ᠂ ᠤᠷᠢᠳ ᠬᠣᠵᠢᠳ ᠳᠤᠮᠳᠠᠳᠤ ᠤᠯᠤᠰ᠎ᠤᠨ ᠰᠤᠳᠤᠴᠤᠤᠯ᠎ᠤᠨ ᠬᠣᠯᠪᠣᠭᠠᠲᠤ ᠤᠷᠤᠯᠳᠤᠭᠠᠨ᠎ᠤ 500 ᠮᠧᠲ᠋ᠷ᠂1000 ᠮᠧᠲ᠋ᠷ᠎ᠦᠨ ᠬᠣᠶᠠᠷ ᠠᠯᠲᠠᠨ ᠮᠧᠳᠠᠯ᠎ᠢ ᠣᠯᠵᠦ ᠦᠨᠭᠭᠡᠷᠡᠵᠠᠢ᠃ ᠵᠣᠣ ᠶᠤᠸᠠᠨ ᠸᠧᠶ ᠰᠤᠷᠪᠤᠯᠵᠢᠯᠠᠭ᠎ᠠ ᠬᠦᠯᠢᠶᠡᠬᠦ᠎ᠳᠡᠭᠡᠨ᠄ 《ᠡᠨᠡ ᠬᠦ᠌ ᠬᠢᠷᠢ ᠪᠦᠲᠦᠮᠵᠢ ᠪᠣᠯ ᠡᠩ᠎ᠦᠨ ᠦᠶ᠎ᠡ᠎ᠶ᠋ᠢᠨ ᠴᠢᠷᠮᠠᠢᠯᠭ᠎ᠠ᠎ᠶᠢᠨ ᠠᠴᠢ ᠬᠠᠷᠢᠭᠤᠪᠣᠯᠤᠨᠠ᠃ ᠤᠷᠤᠯᠳᠤᠭᠠᠨ᠎ᠳᠦ ᠪᠢ ᠪᠠᠴᠢᠮᠳᠠᠵᠦ ᠰᠠᠨᠳᠤᠷᠤᠭᠰᠠᠨ ᠦᠭᠡᠢ᠃ ᠬᠤᠢᠰᠢᠲᠠ ᠪᠢ ᠰᠠᠢᠨ ᠪᠣᠯᠪᠠᠰᠤᠷᠠᠵᠤᠨᠠᠩ ᠰᠠᠢᠨ ᠬᠢᠷᠢ ᠪᠦᠲᠦᠮᠵᠢ ᠣᠯᠬᠤ᠎ᠪᠠᠷ ᠴᠢᠷᠮᠠᠢᠨ᠎ᠠ》 ᠭᠡᠵᠦ ᠶᠠᠷᠢᠯ᠎ᠠ᠃
ᠰᠤᠷᠪᠤᠯᠵᠢᠯᠠᠬᠴᠢ᠄ᠴᠸᠨ ᠨᠠᠷᠠᠨᠳᠤᠩᠭᠠᠯᠠᠬ
ᠭᠡᠷᠡᠯᠵᠢᠷᠤᠭ᠄ ᠠᠯᠤᠰ
ᠰᠡᠬᠦᠳᠡᠷᠯᠡᠭᠴᠢ᠂ᠹᠢᠯᠢᠮ ᠦᠢᠯᠡᠳᠦᠭᠴᠢ᠄ ᠴᠤᠪᠤᠭᠤ
ᠬᠢᠨᠠᠭᠴᠢ᠄ᠪᠢᠯᠢᠭᠲᠦ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃