2024-02-23 16:07:11
2 ᠰᠠᠷ᠎ᠠ᠎ᠶ᠋ᠢᠨ 22᠎ᠤᠨ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨᠤᠪᠥᠬᠥ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠴᠢᠯᠥᠭᠡᠲᠦ ᠴᠠᠨᠠᠯᠠᠯᠳᠠᠶᠢᠨᠤᠭᠳᠠᠷᠭᠤᠢᠶᠢᠨ ᠤᠷ᠎ᠠ ᠮᠡᠷᠭᠡᠵᠢᠯ᠎ᠤᠨ ᠤᠷᠤᠯᠳᠤᠭᠠᠨ᠎ᠤ ᠵᠠᠯᠠᠭᠤᠴᠤᠳ᠎ᠤᠨ ᠲᠤᠭᠤᠢᠯᠠᠩ᠎ᠤᠨ ᠤᠷᠤᠯᠳᠤᠭᠠᠨᠵᠠᠯᠠᠨ ᠠᠢᠯ ᠤᠷᠤᠯᠳᠤᠭᠠᠨᠤᠲᠤᠭᠤᠷᠢᠭᠤᠨ ᠵᠢᠨ ᠯᠦᠩ ᠱᠠᠨ ᠴᠠᠨᠠᠯᠠᠯᠳᠠ᠎ᠶᠢᠨ ᠲᠠᠯᠠᠪᠠᠶ᠎ᠳᠤ ᠶᠠᠪᠤᠭᠳᠠᠵᠦ᠂ ᠾᠧᠪᠧᠶ᠎ᠶ᠋ᠢᠨ ᠠᠩᠭᠢ 2 ᠠᠯᠲᠠᠨᠮᠧᠳᠠᠯ᠂ 2 ᠮᠥᠩᠭᠥᠨ ᠮᠧᠳᠠᠯᠲᠤᠰᠴᠠᠢ᠃
ᠡᠮᠡᠭ᠌ᠲᠡᠶ᠎ᠶ᠋ᠢᠨ ᠲᠤᠭᠤᠢᠯᠠᠩ᠎ᠦᠨ ᠤᠷᠤᠯᠳᠤᠭᠠᠨ᠎ᠳᠤ᠂ᠾᠧᠪᠧᠶ᠎ᠶ᠋ᠢᠨ ᠠᠩᠭᠢ᠎ᠶ᠋ᠢᠨ ᠲᠠᠮᠢᠷᠴᠢᠨ ᠴᠧᠨ ᠱᠢᠤᠸᠠᠢ ᠵᠧᠩ ᠪᠣᠯᠤᠨ ᠱᠧᠨ ᠵᠢᠩ ᠢ ᠲᠤᠰ ᠲᠤᠰ ᠠᠯᠲᠠᠨᠮᠧᠳᠠᠯ ᠪᠤᠯᠤᠨ ᠮᠥᠩᠭᠥᠨ ᠮᠧᠳᠠᠯ ᠲᠤᠰᠴᠤ᠂ ᠭᠢᠷᠢᠨ᠎ᠦ ᠠᠩᠭᠢ᠎ᠶ᠋ᠢᠨ ᠳᠠᠮᠢᠷᠴᠢᠨ ᠸᠠᠩ ᠱᠢᠤᠸᠠᠢ ᠬᠦᠷᠡᠯᠮᠧᠳᠠᠯ ᠲᠤᠰᠴᠠᠢ᠃ ᠡᠨᠡ ᠵᠢᠯ 15 ᠨᠠᠰᠤᠲᠠᠶ ᠴᠧᠨ ᠱᠢᠤᠸᠠᠢᠵᠧᠩ ᠪᠤᠯ ᠪᠥᠬᠥ᠌ ᠤᠯᠤᠰ᠎ᠤᠨ ᠴᠢᠯᠥᠭᠡᠲᠦ ᠴᠠᠨᠠᠯᠠᠯᠳᠠ᠎ᠶᠢᠨ ᠤᠭᠳᠠᠷᠭᠤᠢ᠎ᠶᠢᠨ ᠤᠷ᠎ᠠ ᠮᠡᠷᠭᠡᠵᠢᠯ᠎ᠦᠨ ᠵᠠᠯᠠᠭᠤᠴᠤᠳᠤᠨᠳᠤᠭᠤᠢᠯᠠᠩᠤᠨ ᠤᠯᠠᠨ ᠲᠦᠷᠦᠯ᠎ᠤᠨ ᠤᠷᠤᠯᠳᠤᠭᠠᠨ᠎ᠳᠤ ᠮᠠᠩᠯᠠᠢ ᠲᠠᠮᠢᠷᠴᠢᠨ᠃ 《ᠤᠤᠯ ᠨᠢ ᠪᠢ ᠲᠡᠪᠬᠡᠷᠭᠡᠣᠷᠣᠶᠢᠨ ᠳᠠᠮᠢᠷᠴᠢᠨ ᠪᠠᠢᠭᠰᠠᠨ᠂ 11 ᠨᠠᠰᠤᠳᠠᠢ᠎ᠳᠠᠭᠠᠨ ᠴᠢᠯᠥᠭᠡᠲᠦ ᠴᠠᠨᠠᠯᠠᠯᠳᠠ ᠶ᠋ᠢᠨ ᠤᠭᠳᠠᠷᠭᠤᠢ᠎ᠶᠢᠨ ᠤᠷ᠎ᠠᠮᠡᠷᠭᠡᠵᠢᠯ᠎ᠤᠨ ᠲᠠᠮᠢᠷᠴᠢᠨ ᠪᠤᠯᠤᠭᠰᠠᠨ᠃ ᠴᠢᠯᠥᠭᠡᠲᠦ ᠴᠠᠨᠠᠯᠠᠯᠳᠠ᠎ᠶᠢᠨ ᠳᠠᠮᠢᠷᠴᠢᠨ ᠪᠤᠯᠤᠭᠠᠳ ᠨᠢᠷᠤᠭᠤ ᠪᠠᠨ ᠬᠦᠨᠳᠤᠪᠡᠷᠳᠡᠭᠡᠵᠦ ᠪᠠᠢᠭᠰᠠᠨᠴᠦ ᠦᠪᠡᠷ᠎ᠢᠶᠡᠨ ᠡᠨᠡ ᠲᠦᠷᠦᠯ᠎ᠤᠨ ᠳᠠᠮᠢᠷ ᠲᠦ᠍ ᠲᠤᠷᠠᠳᠠᠢ ᠪᠤᠯᠬᠤᠷ ᠬᠦᠴᠢᠷᠪᠡᠷᠬᠡᠱᠢᠶᠡᠯᠢ ᠪᠦᠷ ᠢᠯᠠᠨ ᠳᠠᠪᠠᠵᠤ ᠴᠢᠳᠠᠭᠰᠠᠨ》 ᠭᠡᠵᠦ ᠴᠧᠨ ᠱᠢᠤᠸᠠᠢ ᠵᠧᠩᠬᠡᠯᠡᠨᠠ᠃



ᠡᠷᠡᠭ᠌ᠲᠡᠶ᠎ᠶ᠋ᠢᠨ ᠤᠷᠤᠯᠳᠤᠭᠠᠨ᠎ᠳᠤ᠂ ᠾᠧᠪᠧᠶᠶ᠋ᠢᠨᠠᠩᠭᠢᠶ᠋ᠢᠨ ᠲᠠᠮᠢᠷᠴᠢᠨ ᠯᠢ ᠱᠢᠨ ᠫᠧᠩ ᠪᠣᠯᠤᠨ ᠢᠦᠶ ᠱᠧᠩ ᠵᠧ ᠲᠤᠰ ᠲᠤᠰ ᠠᠯᠲᠠᠨ ᠮᠧᠳᠠᠯ᠂ ᠮᠥᠩᠭᠥᠨ ᠮᠧᠳᠠᠯᠲᠤᠰᠴᠤ᠂ ᠵᠧᠵᠢᠶᠠᠩ᠎ᠤᠨ ᠠᠩᠭᠢ᠎ᠶ᠋ᠢᠨ ᠲᠠᠮᠢᠷᠴᠢᠨ ᠬᠥ᠋ ᠵᠢᠦ ᠪᠠᠢ ᠬᠦᠷᠡᠯ ᠮᠧᠳᠠᠯ ᠲᠤᠰᠴᠠᠢ᠃ 《ᠡᠨᠡ ᠡᠳᠦᠷ᠎ᠤᠨ ᠠᠮᠵᠢᠯᠳᠠᠨᠠᠳᠠᠳᠤ ᠮᠠᠰᠢ ᠶᠡᠬᠡ ᠵᠣᠷᠢᠭ᠍ᠵᠢᠭᠤᠯᠤᠯ ᠪᠣᠯᠵᠠᠶ᠂ ᠮᠥᠨ ᠴᠦ᠍ ᠮᠢᠨᠤ ᠲᠠᠮᠢᠷ᠎ᠤᠨ ᠦᠢᠯᠡᠰ᠎ᠤᠨ ᠱᠢᠨᠡᠡᠬᠢᠯᠡᠯᠲᠡ᠂ ᠠᠮᠢᠳᠤᠷᠠᠯ᠎ᠤᠨ ᠱᠢᠨ᠎ᠡ ᠡᠬᠢᠯᠡᠯᠲᠡ ᠮᠥᠨ᠂ ᠴᠢᠨᠠᠭᠰᠢᠳᠠ ᠦᠪᠡᠷ᠎ᠤᠨ ᠤᠷ᠎ᠠ ᠴᠢᠳᠠᠪᠤᠷᠢᠪᠠᠨᠳᠡᠭᠡᠭ᠌ᠰᠢᠯᠡᠭᠦᠯᠵᠦ᠍᠂ ᠳᠡᠯᠡᠬᠡᠶ᠎ᠶ᠋ᠢᠨ ᠤᠷᠤᠯᠳᠤᠭᠠᠨ᠎ᠤ ᠲᠠᠯᠠᠪᠤᠷ ᠲᠦ᠍ ᠥᠪᠡᠷ᠎ᠢ᠎ᠪᠡᠨ ᠰᠤᠷᠢᠬᠤᠵᠢᠬᠦᠰᠡᠵᠦ᠍ ᠪᠠᠢᠨ᠎ᠠ》 ᠭᠡᠵᠦ ᠯᠢ ᠱᠢᠨ ᠫᠧᠩ ᠬᠡᠯᠡᠨ᠎ᠠ᠃
ᠰᠤᠷᠪᠤᠯᠵᠢᠯᠠᠭᠴᠢ᠄ ᠬᠦᠭᠵᠢᠯᠳᠦ
ᠰᠡᠭᠦᠳᠡᠷᠯᠡᠭᠴᠢ᠂ ᠹᠢᠯᠢᠮ ᠦᠢᠯᠡᠳᠦᠭᠴᠢ᠄ ᠬᠦᠪᠴᠢᠨ
ᠭᠡᠷᠡᠯ ᠵᠢᠷᠤᠭ᠄ ᠬᠦᠪᠴᠢᠨ
ᠬᠢᠨᠠᠭᠴᠢ᠄ ᠪᠢᠯᠢᠭᠲᠦ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃