ᠰᠣᠶᠣᠯ ᠤᠷᠠᠯᠢᠭ > ᠠᠷᠪᠠᠨ ᠳᠥᠷᠪᠡᠳᠦᠭᠡᠷ ᠬᠤᠭᠤᠴᠠᠭᠠᠨ᠎ᠤ᠋ ᠡᠪᠦᠯ᠎ᠦ᠋ᠨ ᠤᠯᠠᠷᠢᠯ᠎ᠤ᠋ᠨ ᠲᠠᠮᠢᠷ᠎ᠤ᠋ᠨ ᠴᠤᠭᠯᠠᠭᠠᠨ

2024-02-24 19:27:03

ᠵᠣᠬᠢᠶᠠᠭ᠍ᠴᠢ᠄ ᠪᠢᠯᠢᠭᠲᠦ ᠬᠦᠭᠵᠢᠯᠳᠦ ᠬᠦᠪᠴᠢᠨ ᠣᠩᠱᠢᠭ᠍ᠰᠠᠨ ᠣᠳᠠᠭ᠎ᠠ᠄ 3

2 ᠰᠠᠷ᠎ᠠ᠎ᠶ᠋ᠢᠨ 23᠎ᠤ ᠡᠳᠦᠷ᠂ ᠱᠤᠤ ᠴᠢ᠂ ᠯᠢ ᠪᠥᠸᠧ ᠶᠠᠨ᠂ ᠶᠠᠩ ᠯᠦᠩ ᠱᠢᠶᠤᠤ᠎ᠪᠠᠷᠪᠦᠷᠢᠯᠳᠦᠭ᠌ᠰᠡᠨ ᠥᠪᠥᠷ ᠮᠣᠩᠭᠣᠯ᠎ᠤᠨ ᠠᠩᠬᠢ ᠵᠢᠨ ᠭᠤᠷᠪᠠᠨ ᠬᠦᠮᠦᠨ᠎ᠤ ᠲᠤᠭᠤᠢᠯᠠᠩ ᠠᠷᠪᠠᠨ ᠳᠥᠷᠪᠡᠳᠦᠭᠡᠷ ᠬᠤᠭᠤᠴᠠᠭᠠᠨ᠎ᠤᠪᠥᠬᠥ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠴᠢᠯᠥᠭᠡᠲᠦ ᠴᠠᠨᠠᠯᠠᠯᠳᠠ᠎ᠶᠢᠨ ᠤᠭᠳᠠᠷᠭᠤᠢ᠎ᠶᠢᠨᠤᠷ᠎ᠠ ᠮᠡᠷᠭᠡᠵᠢᠯ᠎ᠦᠨ ᠢᠯᠡ ᠳᠤᠭᠤᠢᠯᠠᠩ᠎ᠤᠨ ᠪᠦᠯᠬᠦᠮ᠎ᠤᠨ ᠤᠷᠤᠯᠳᠤᠭᠠᠨ᠎ᠳᠤ᠂ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤᠲᠠᠮᠢᠷᠴᠢᠨ ᠱᠢᠤᠢ ᠮᠸᠩ ᠲᠤᠤ᠂ ᠵᠢᠶᠠ ᠽᠦᠩ ᠶᠠᠩ᠂ ᠸᠠᠩ ᠱᠢᠨ ᠳ᠋ᠢ᠎ᠪᠡᠷ ᠪᠦᠷᠢᠯᠳᠦᠭ᠌ᠰᠡᠨ ᠯᠢᠶᠣᠤᠨᠢᠩ᠎ᠤᠨ ᠠᠩᠭᠢ᠎ᠶ᠋ᠢᠢᠯᠠᠵᠤ᠂ 315.43 ᠬᠤᠪᠢ᠎ᠪᠡᠷ ᠮᠠᠩᠯᠠᠢᠯᠠᠪᠡ᠂ ᠯᠢᠶᠣᠤᠨᠢᠩ᠎ᠤᠨ ᠠᠩᠭᠢ ᠪᠤᠯᠤᠨᠭᠢᠷᠢᠨ᠎ᠦ ᠠᠩᠭᠢ ᠲᠤᠰ ᠲᠤᠰ ᠮᠥᠩᠭᠥᠨ ᠮᠧᠳᠠᠯ᠂ ᠬᠦᠷᠡᠯ ᠮᠧᠳᠠᠯ ᠤᠯᠵᠠᠢ᠃



《ᠮᠠᠨ᠎ᠤ ᠪᠦᠯᠬᠦᠮ᠎ᠤᠨᠨᠥᠬᠥᠳ᠎ᠦᠨ ᠬᠢᠷᠢ ᠲᠦᠪᠰᠢᠨ ᠦᠨᠳᠦᠷ᠂ ᠡᠨᠡ ᠡᠳᠦᠷ᠎ᠤᠨ ᠢᠯᠡᠷᠡᠯ ᠴᠦ᠍ ᠮᠠᠰᠢ ᠰᠠᠢᠨ᠂ ᠪᠢ ᠶᠡᠷᠦ ᠨᠢ ᠳᠠᠢᠪᠤᠭᠤᠬᠠᠨ ᠤᠷᠤᠯᠳᠤᠭᠰᠠᠨ》 ᠭᠡᠵᠦ ᠤᠷᠤᠯᠳᠤᠭᠠᠨ᠎ᠤ ᠳᠠᠷᠠᠭ᠎ᠠ ᠶᠠᠩ ᠯᠦᠩ ᠱᠢᠶᠣᠤᠬᠡᠯᠡᠨ᠎ᠠ᠃ ᠯᠢ ᠪᠥᠸᠧ ᠶᠠᠨ᠄《ᠡᠨᠡ ᠡᠳᠦᠷ᠎ᠤᠨ ᠬᠢᠷᠢ ᠪᠦᠲᠦᠮᠵᠢ ᠪᠤᠯ ᠮᠢᠨᠦ ᠬᠠᠮᠤᠭᠰᠠᠢᠨ ᠦᠰᠦᠷᠦᠭᠰᠡᠨ ᠨᠢᠭᠡ ᠤᠳᠠᠭ᠎ᠠ ᠪᠤᠯᠤᠨ᠎ᠠ᠃ ᠡᠨᠡ ᠪᠤᠯ ᠪᠦᠷ ᠪᠦᠯᠬᠦᠮ ᠨᠡᠢᠳᠡ᠎ᠶᠢᠨ ᠬᠦᠴᠦ ᠪᠤᠯᠤᠨ᠎ᠠ》 ᠭᠡᠵᠦ᠍ ᠬᠡᠯᠡᠨ᠎ᠠ᠃ 《ᠪᠢᠳᠡ ᠭᠤᠷᠪᠠᠭᠤᠯᠠ ᠴᠥᠮ ᠤᠷᠢᠳ᠎ᠢᠶᠠᠷ ᠥᠪᠡᠷ᠎ᠤᠨ ᠪᠡᠯᠡᠳᠬᠡᠯ᠎ᠢᠶᠡᠨᠰᠠᠢᠲᠤᠷ ᠬᠢᠵᠦ᠍᠂ ᠤᠷᠤᠯᠳᠤᠭᠠᠨ᠎ᠤ ᠦᠶ᠎ᠡ᠎ᠳᠦ ᠥᠪᠡᠷ᠎ᠦᠨ ᠬᠠᠮᠤᠭ᠎ᠤᠨ ᠰᠠᠢᠨ ᠬᠢᠷᠢ ᠲᠦᠪᠰᠢᠨ ᠵᠢᠡᠨ ᠪᠠᠳᠠᠷᠠᠭᠤᠯᠤᠭ᠍ᠰᠠᠨ》 ᠭᠡᠵᠦ ᠱᠣᠣ ᠴᠢ ᠪᠠᠶᠠᠷᠳᠠᠢᠬᠠᠨ ᠶᠠᠷᠢᠨ᠎ᠠ᠃


微信图片_20240223212011.jpg


ᠪᠡᠯᠡᠳᠭᠡᠯ ᠤᠷᠤᠯᠳᠤᠭᠠᠨ᠎ᠳᠦ᠂ ᠯᠢᠶᠣᠤᠨᠢᠩ᠎ᠤᠨ ᠠᠩᠭᠢ᠎ᠨᠢᠳᠤᠭᠤᠢᠯᠠᠩ ᠳ᠋ᠠᠭᠠᠨ ᠬᠠᠮᠤᠭ ᠦᠨᠳᠦᠷ ᠬᠢᠷᠢ ᠪᠦᠲᠦᠮᠵᠢ ᠪᠡᠷ ᠱᠢᠶ᠋ᠳᠪᠦᠷᠢᠲᠦ ᠤᠷᠤᠯᠳᠤᠭᠠᠨ᠎ᠳᠤ ᠣᠷᠣᠪᠠ᠃ ᠰᠢᠢᠳᠪᠦᠷᠢᠲᠦᠤᠷᠤᠯᠳᠤᠭᠠᠨ᠎ᠳᠤ ᠱᠢᠤᠢ ᠮᠸᠩ ᠲᠤᠤ ᠪᠦᠬᠦ᠌ ᠡᠮᠡᠭᠳᠡᠢ ᠲᠠᠮᠢᠷᠴᠢᠳ᠎ᠤᠨ ᠳᠤᠳᠤᠷ᠎ᠠ ᠬᠠᠮᠤᠭ ᠥᠨᠳᠥᠷ ᠬᠤᠪᠢ ᠤᠯᠤᠭᠰᠠᠨᠪᠣᠯᠪᠠᠴᠤ᠌ ᠵᠢᠶᠠ ᠽᠦᠩ ᠶᠠᠩ᠎ᠤᠨ ᠬᠣᠶᠠᠳᠤᠭᠠᠷ ᠦᠰᠦᠷᠦᠯᠲᠡ ᠪᠣᠯᠤᠨ ᠸᠠᠩ ᠱᠢᠨ ᠳ᠋ᠢ᠎ᠶᠢᠨ ᠭᠤᠷᠪᠠᠳᠤᠭᠠᠷ ᠦᠰᠦᠷᠦᠯᠲᠡᠴᠥᠮ ᠠᠯᠳᠠᠰᠢ ᠭᠠᠷᠴᠤ᠌᠂ ᠶᠡᠷᠦᠩᠬᠡᠢ ᠬᠤᠪᠢ ᠪᠡᠷ᠎ᠢᠶᠡᠨ ᠦᠪᠦᠷ ᠮᠤᠨᠭᠭᠤᠯ᠎ᠤᠨ ᠠᠩᠬᠢ ᠡᠴᠡ ᠬᠤᠵᠢᠭᠳᠠᠵᠠᠢ᠃

ᠭᠢᠷᠢᠨ᠎ᠦ ᠠᠩᠭᠢ᠎ᠶ᠋ᠢᠨ ᠯᠢ ᠲᠢᠶᠠᠨ ᠮᠠ ᠱᠢᠶ᠋ᠳᠪᠦᠷᠢᠲᠦᠤᠷᠤᠯᠳᠤᠭᠠᠨ᠎ᠤ ᠬᠠᠮᠤᠭ ᠰᠡᠭᠦᠯ᠎ᠦᠨ ᠨᠢᠭᠡ ᠦᠰᠦᠷᠦᠯᠲᠡ ᠳᠤᠮᠳᠠ 5.1000 ᠎ᠶ᠋ᠢᠨ ᠬᠦᠴᠢᠷ᠎ᠦᠨ ᠢᠯᠡᠳᠭᠡᠮᠵᠢ᠎ᠲᠠᠢ ᠬᠦᠳᠡᠯᠭᠡᠭᠡᠨ᠎ᠢᠪᠡᠶᠡᠯᠡᠬᠦᠯᠵᠦ ᠪᠦᠬᠦ᠌ ᠲᠠᠯᠠᠪᠠᠢ᠎ᠶ᠋ᠢᠨ ᠬᠠᠮᠤᠭ ᠥᠨᠳᠥᠷᠬᠢᠷᠢ ᠪᠦᠳᠦᠮᠵᠢ ᠪᠤᠯᠬᠤ 130.05ᠬᠤᠪᠢ ᠣᠯᠤᠭ᠍ᠰᠠᠨ ᠪᠣᠯᠪᠠᠴᠤ᠌ᠲᠦᠷᠦᠭᠦᠦ ᠬᠣᠶᠠᠷ ᠡᠭᠡᠯᠵᠢ᠎ᠳᠦ ᠪᠦᠯᠬᠦᠮ᠎ᠤᠨ ᠨᠥᠬᠥᠳ ᠨᠢ ᠠᠯᠳᠠᠰᠢ ᠭᠠᠷᠭᠠᠭᠰᠠᠨ᠎ᠠᠴᠠ ᠪᠣᠯᠵᠤ᠂ ᠭᠢᠷᠢᠨ᠎ᠦ ᠠᠩᠭᠢᠶᠡᠷᠦᠩᠬᠡᠢ ᠬᠢᠷᠢ ᠪᠦᠳᠦᠮᠵᠢ ᠪᠡᠷ᠎ᠢᠶᠡᠨ ᠬᠦᠷᠡᠯ ᠮᠧᠳᠠᠯ ᠤᠯᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面