ᠰᠣᠶᠣᠯ ᠤᠷᠠᠯᠢᠭ > ᠲᠠᠪᠤᠳᠤᠭᠠᠷ ᠬᠤᠭᠤᠴᠠᠭᠠᠨ᠎ᠤ᠋ ᠳᠤᠮᠳᠠᠳᠤ ᠮᠤᠩᠭᠤᠯ᠎ᠤ᠋ᠨ ᠦᠵᠡᠰᠭᠦᠯᠡᠩ᠎ᠦ᠋ᠨ ᠴᠤᠭᠯᠠᠭᠠᠨ

2025-08-14 16:07:53

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠦᠵᠡᠰᠬᠦᠯᠡᠩ ᠤ᠋ᠨ ᠴᠤᠬᠯᠠᠭᠠᠨ ᠢ᠋ ᠶᠠᠭᠠᠬᠢᠵᠤ ᠰᠠᠢᠬᠠᠨ ᠲᠤᠭᠤᠷᠢᠬᠤ ᠲᠤᠬᠠᠢ ᠪᠤᠳᠤᠯᠬᠢᠯᠠᠵᠤ ᠪᠠᠢᠨ᠎ᠠ ᠤ᠋ᠣ? ᠦᠪᠡᠷᠮᠢᠴᠡ ᠰᠠᠢᠬᠠᠨ ᠳᠤᠷᠠᠰᠭᠠᠯ ᠤ᠋ᠨ ᠪᠤᠳᠠᠰ ᠢ᠋ ᠤᠯᠤᠶ᠎ᠠ ᠭᠡᠵᠦ᠍ ᠪᠣᠳᠣᠵᠤ ᠪᠠᠢᠨ᠎ᠠ ᠤ᠋ᠣ? ᠲᠠᠪᠤᠳᠤᠭᠠᠷ ᠬᠤᠭᠤᠴᠠᠭᠠᠨ᠎ᠤ ᠳᠤᠮᠳᠠᠳᠤ ᠮᠣᠩᠭᠣᠯ᠎ᠤᠨ ᠦᠵᠡᠰᠭᠦᠯᠡᠩ᠎ᠦᠨ ᠴᠤᠬᠯᠠᠭᠠᠨ 《ᠰᠤᠶᠤᠯ ᠤ᠋ᠨ ᠡᠬᠦᠳᠤᠯᠳᠠ ᠵᠢᠨ ᠲᠠᠮᠠᠭ᠎ᠠ ᠴᠤᠬᠯᠠᠭᠤᠯᠬᠤ ᠥᠷᠢᠰᠥᠯᠳᠦᠭᠡᠨ + ᠰᠣᠨᠢᠷᠬᠠᠯᠲᠤ ᠱᠠᠩᠨᠠᠯ᠎ᠤᠨ ᠱᠢᠪᠠᠭ᠎ᠠ ᠰᠤᠭᠤᠯᠬᠤ》 ᠨᠠᠭᠠᠳᠭᠤ ᠠᠷᠭ᠎ᠠ ᠨᠢ ᠲᠠᠨ ᠤ᠋ ᠦᠵᠡᠰᠬᠦᠯᠡᠩ ᠤ᠋ᠨ ᠴᠤᠬᠯᠠᠭᠠᠨ ᠢ᠋ ᠲᠣᠭᠣᠷᠢᠨ ᠦᠵᠡᠬᠦ᠌ ᠠᠶᠠᠯᠠᠯ ᠢ᠋ ᠮᠡᠳᠡᠯᠭᠡ᠎ᠪᠡᠨ ᠨᠡᠮᠡᠭ᠌ᠳᠡᠭᠦᠯᠬᠦ᠌ ᠮᠥᠷᠲᠡᠭᠡᠨ ᠪᠠᠰᠠ ᠰᠠᠢᠬᠠᠨ ᠪᠡᠯᠡᠭ ᠣᠯᠵᠤ᠂ ᠠᠮᠵᠢᠯᠲᠠ᠎ᠶ᠋ᠢᠨ ᠲᠥᠷᠥᠭ᠌ᠳᠡᠯ᠎ᠢᠶᠡᠷ ᠪᠢᠯᠬᠠᠭᠤᠯᠤᠨ᠎ᠠ!

ᠰᠤᠶᠤᠯ ᠤ᠋ᠨ ᠡᠬᠦᠳᠤᠯᠳᠠ ᠵᠢᠨ ᠲᠠᠮᠠᠭ᠎ᠠ ᠵᠢ ᠴᠤᠬᠯᠠᠭᠤᠯᠤᠨ᠎ᠠ᠄ ᠲᠤᠭᠤᠷᠢᠨ ᠦᠵᠡᠬᠦ ᠵᠢᠨ ᠲᠠᠭᠠᠣ 《ᠲᠠᠮᠠᠭ᠎ᠠ ᠴᠤᠬᠯᠠᠭᠤᠯᠵᠤ》᠂ ᠲᠤᠰᠬᠠᠢ ᠲᠤᠷᠠᠰᠬᠠᠯ ᠤ᠋ᠨ ᠪᠤᠳᠠᠰ ᠢ᠋ ᠰᠤᠯᠢᠨ᠎ᠠ

ᠳᠤᠮᠳᠠᠳᠤ ᠮᠣᠩᠭᠣᠯ᠎ᠤᠨ ᠵᠠᠩ ᠦᠢᠯᠡ᠎ᠶ᠋ᠢ ᠰᠡᠢᠯᠦᠭ᠌ᠰᠡᠨ ᠬᠢᠵᠠᠭᠠᠷ᠎ᠲᠠᠶ ᠳᠤᠷᠠᠰᠭᠠᠯ᠎ᠤᠨ ᠪᠣᠳᠠᠰ ᠢ᠋ ᠤᠯᠬᠤ ᠭᠡᠵᠤ ᠪᠤᠳᠤᠵᠤ ᠪᠠᠢᠨ᠎ᠠ ᠤ᠋ᠣ? ᠲᠡᠭᠡᠪᠡᠯ 《ᠵᠢᠷᠭᠤᠭᠠᠨ ᠳᠠᠪᠬᠤᠷ ᠥᠩᠭᠡᠲᠦ ᠲᠠᠮᠠᠭ᠎ᠠ》 ᠶ᠋ᠢ ᠴᠤᠬᠯᠠᠭᠤᠯᠬᠤ ᠡᠭᠦᠷᠭᠡ᠎ᠶ᠋ᠢ ᠥᠷᠢᠰᠦᠯᠳᠦᠶ᠎ᠡ!

ᠲᠤᠬᠯᠠᠭᠠᠮ ᠤ᠋ᠨ ᠵᠠᠮ ᠱᠤᠭᠤᠮ ᠤ᠋ᠨ ᠤᠷᠠᠨ ᠰᠡᠳᠬᠢᠮᠵᠢ᠄ A ᠣᠷᠳᠣᠨ᠎ᠤ ᠥᠪᠥᠷ ᠮᠣᠩᠭᠣᠯ᠎ᠤᠨ ᠦᠵᠡᠭᠦᠯᠭᠡ᠎ᠶ᠋ᠢᠨ ᠪᠠᠢᠷᠢ᠎ᠡᠴᠡ ᠮᠣᠷᠳᠠᠵᠤ᠂ 《ᠰᠤᠨᠢᠷᠬᠠᠯᠳᠤ ᠲᠤᠬᠯᠠᠭᠠᠮ ᠤ᠋ᠨ ᠭᠠᠵᠠᠷ᠎ᠤᠨ ᠵᠢᠷᠤᠭ》 ᠤ᠋ᠨ ᠵᠢᠯᠤᠭᠤᠳᠤᠯᠭ᠎ᠠ᠎ᠪᠠᠷ᠂ B ᠣᠷᠳᠣᠨ᠎ᠤ 6 ᠶᠡᠬᠡ ᠠᠵᠢᠯ ᠲᠦᠷᠦᠯ᠎ᠦᠨ ᠦᠵᠡᠭᠦᠯᠭᠡ᠎ᠶ᠋ᠢᠨ ᠪᠠᠢᠷᠢ ᠪᠡᠷ ᠲᠤᠭᠤᠷᠢᠨ ᠦᠵᠡᠵᠤ — ᠲᠠᠮᠠᠭ᠎ᠠ ᠪᠣᠯᠭᠠᠨ᠎ᠳᠤ ᠳᠤᠮᠳᠠᠳᠤ ᠮᠣᠩᠭᠣᠯ᠎ᠤᠨ ᠰᠣᠶᠣᠯ᠎ᠤᠨ ᠠᠭᠤᠰᠤᠯᠴᠠᠯ᠎ᠤᠨ ᠤᠷᠠᠨ ᠰᠡᠳᠭᠢᠮᠵᠢ ᠨᠢᠭᠤᠭ᠍ᠳᠠᠵᠤ᠂ ᠠᠯᠬᠤᠮ ᠪᠦᠷᠢ᠎ᠳᠦ ᠥᠪᠡᠷᠮᠢᠴᠡ ᠣᠨᠴᠠᠯᠢᠭ᠎ᠲᠠᠶ ᠦᠵᠡᠭᠦᠯᠭᠡ᠎ᠶ᠋ᠢᠨ ᠪᠠᠢᠷᠢᠨ᠎ᠤ ᠥᠪᠡᠷᠮᠢᠴᠡ ᠭᠠᠢᠬᠠᠮᠰᠢᠭ ᠢ᠋ ᠬᠣᠯᠪᠣᠨ᠎ᠠ᠃

ᠪᠣᠭᠣᠮᠲᠠ᠎ᠲᠠᠪᠠᠬᠤ ᠨᠢᠭᠤᠴᠠ ᠵᠤᠷ᠄ ᠰᠤᠨᠢᠷᠬᠠᠯᠳᠤ ᠲᠤᠬᠯᠠᠭᠠᠮ ᠤ᠋ᠨ ᠭᠠᠵᠠᠷ᠎ᠤᠨ ᠵᠢᠷᠤᠭ ᠳᠡᠭᠡᠷ᠎ᠡ ᠲᠣᠳᠣᠷᠬᠠᠢᠯᠠᠭ᠍ᠰᠠᠨ 6 ᠲᠤᠬᠯᠠᠭᠠᠮ ᠤ᠋ᠨ ᠴᠡᠭ᠎ᠢ ᠡᠷᠢᠵᠦ᠍ ᠣᠯᠤᠭᠠᠳ᠂ ᠢᠵᠢ ᠪᠦᠷᠢᠨ ᠪᠤᠳᠤᠭ᠍ᠲᠤ ᠢᠵᠢ ᠲᠠᠮᠠᠭ᠎ᠠ᠎ᠶ᠋ᠢ ᠴᠤᠭ᠍ᠯᠠᠭᠤᠯᠪᠠᠯ᠂ A ᠣᠷᠳᠣᠨ᠎ᠤ ᠥᠪᠥᠷ ᠮᠣᠩᠭᠣᠯ᠎ᠤᠨ ᠦᠵᠡᠭᠦᠯᠭᠡ᠎ᠶ᠋ᠢᠨ ᠪᠠᠢᠷᠢ᠎ᠳᠤ ᠪᠤᠴᠠᠵᠤ᠂ ᠳᠤᠷᠠᠰᠭᠠᠬᠤ ᠠᠴᠢ ᠬᠣᠯᠪᠣᠭ᠍ᠳᠠᠯ ᠪᠦᠬᠦᠢ ᠭᠣᠣᠯ ᠰᠡᠳᠦᠪᠲᠦ ᠳᠤᠷᠠᠰᠭᠠᠯ᠎ᠤᠨ ᠪᠣᠳᠠᠰ᠎ᠢ ᠰᠣᠯᠢᠵᠤ ᠪᠣᠯᠤᠨ᠎ᠠ! ᠡᠨᠡ ᠬᠦ᠌ ᠪᠡᠯᠡᠭ ᠪᠣᠯ ᠦᠵᠡᠰᠭᠦᠯᠡᠩ᠎ᠦᠨ ᠴᠤᠭ᠍ᠯᠠᠭᠠᠨ᠎ᠢ ᠪᠦᠬᠦᠨ ᠢ᠋ ᠲᠤᠭᠤᠷᠢᠬᠤ 《ᠪᠣᠭᠣᠮᠲᠠ ᠲᠠᠪᠠᠬᠤ ᠭᠡᠷᠡᠴᠢ ᠪᠠᠷᠢᠮᠲᠠ》 ᠮᠥᠨ᠂ ᠨᠠᠩ ᠴᠤ᠌ ᠳᠤᠮᠳᠠᠳᠤ ᠮᠣᠩᠭᠣᠯ᠎ᠤᠨ ᠨᠥᠬᠥᠷᠯᠡᠯ᠎ᠦᠨ ᠰᠠᠢᠨ ᠰᠠᠢᠬᠠᠨ ᠭᠡᠷᠡᠴᠢ ᠮᠥᠨ!

ᠰᠣᠨᠢᠷᠬᠠᠯᠲᠤ ᠱᠠᠨᠭᠨᠠᠯ᠎ᠤᠨ ᠰᠢᠪᠠᠭ᠎ᠠ ᠰᠤᠭᠤᠯᠤᠯᠲᠠ᠄ ᠲᠣᠭ᠍ᠲᠠᠭ᠍ᠰᠠᠨ ᠴᠠᠭ᠎ᠲᠤ 《ᠪᠡᠯᠡᠭ ᠤ᠋ᠨ ᠬᠠᠢᠷᠴᠠᠭ》 ᠢ᠋ ᠨᠡᠭᠡᠭᠡᠵᠦ᠍᠂ ᠠᠵᠠ ᠬᠡᠢᠮᠣᠷᠢ ᠪᠡᠨ ᠰᠢᠯᠭᠠᠵᠤ ᠪᠤᠯᠤᠨ᠎ᠠ

ᠦᠵᠡᠰᠬᠦᠯᠡᠩ ᠤ᠋ᠨ ᠴᠤᠬᠯᠠᠭᠠᠨ᠎ᠢ ᠲᠣᠭᠣᠷᠢᠭᠠᠳ ᠶᠠᠳᠠᠷᠠᠴᠢᠬᠠᠪᠠ ᠤ᠋ᠣ? ᠱᠠᠩᠨᠠᠯ᠎ᠤᠨ ᠰᠢᠪᠠᠭ᠎ᠠ ᠰᠤᠭᠤᠯᠤᠭᠠᠳ ᠶᠠᠳᠠᠷᠠᠯ ᠵᠢᠡᠨ ᠲᠠᠢᠯᠵᠤ ᠪᠤᠯᠤᠨ᠎ᠠ! ᠡᠳᠦᠷ ᠪᠦᠷᠢ ᠬᠣᠶᠠᠷ ᠲᠠᠯᠠᠪᠤᠷ ᠱᠠᠩᠨᠠᠯ᠎ᠤᠨ ᠰᠢᠪᠠᠭ᠎ᠠ ᠰᠤᠭᠤᠯᠬᠤ ᠠᠵᠢᠯᠯᠠᠭ᠎ᠠ ᠶᠠᠪᠤᠬᠳᠠᠭᠤᠯᠵᠤ᠂ ᠮᠠᠰᠢ ᠤᠯᠠᠨ ᠰᠠᠢᠨ ᠪᠡᠯᠡᠭ᠎ᠢ ᠲᠠᠨ ᠳ᠋ᠤ ᠬᠦᠷᠭᠡᠬᠦ ᠪᠤᠯᠤᠨ᠎ᠠ᠄

ᠱᠠᠨᠭᠨᠠᠯ᠎ᠤᠨ ᠰᠢᠪᠠᠭ᠎ᠠ ᠰᠤᠭᠤᠯᠬᠤ ᠴᠠᠭ᠄ ᠦᠳᠡ ᠡᠮᠦᠨ᠎ᠡ 11᠄ 00 — 12᠄ 00᠂ ᠦᠳᠡ ᠬᠣᠢᠨ᠎ᠠ ᠡᠭᠦᠳᠡ᠎ᠪᠡᠨ ᠬᠠᠭᠠᠬᠤ᠎ᠡᠴᠡ 1 ᠴᠠᠭ ᠤ᠋ᠨ ᠡᠮᠦᠨ᠎ᠡ — ᠴᠠᠭ᠎ᠢᠶᠠᠨ ᠰᠠᠢᠳᠤᠷ ᠠᠨᠭᠬᠠᠷᠤᠭᠠᠷᠠᠢ!

ᠣᠷᠣᠯᠴᠠᠬᠤ ᠠᠷᠭ᠎ᠠ᠄ ᠰᠤᠨᠢᠷᠬᠠᠯᠳᠤ ᠲᠤᠭᠯᠠᠭᠠᠮ ᠤ᠋ᠨ ᠭᠠᠵᠠᠷ᠎ᠤᠨ ᠵᠢᠷᠤᠭ᠎ᠢ ᠳᠠᠭᠠᠵᠤ ᠱᠠᠩᠨᠠᠯ᠎ᠤᠨ ᠰᠢᠪᠠᠭ᠎ᠠ ᠰᠤᠭᠤᠯᠬᠤ ᠴᠡᠭ᠎ᠢ ᠡᠷᠢᠵᠦ᠍ ᠣᠯᠪᠠᠯ ᠳᠠᠷᠤᠶ ᠰᠢᠪᠠᠭ᠎ᠠ ᠰᠤᠭᠤᠯᠵᠤ ᠪᠣᠯᠤᠨ᠎ᠠ᠃ ᠤᠷᠠᠨ ᠨᠠᠷᠢᠯᠢᠭ ᠭᠠᠷ ᠤᠷᠠᠯᠠᠯ ᠤ᠋ᠨ ᠪᠦᠳᠦᠭᠡᠭᠳᠡᠬᠦᠨ ᠴᠤ᠌ ᠲᠡᠷᠡ᠂ ᠣᠨᠴᠠᠯᠢᠭ᠍ᠲᠤ ᠰᠣᠶᠣᠯ᠎ᠤᠨ ᠡᠭᠦᠳᠦᠯᠲᠡ ᠴᠦ᠍ ᠲᠡᠷᠡ᠂ ᠱᠠᠩᠨᠠᠯ᠎ᠤᠨ ᠪᠤᠳᠠᠰ ᠨᠢᠭᠡᠪᠦᠷᠢ᠎ᠳᠦ ᠳᠤᠮᠳᠠᠳᠤ ᠮᠣᠩᠭᠣᠯ᠎ᠤᠨ ᠰᠣᠶᠣᠯ᠎ᠤᠨ ᠥᠪᠡᠷᠮᠢᠴᠡ ᠦᠨᠦᠷ ᠠᠮᠲᠠ ᠬᠠᠳᠠᠭᠠᠯᠠᠭ᠍ᠳᠠᠵᠤ᠂ ᠲᠠᠨ ᠢ᠋ ᠭᠠᠨᠵᠤᠭ᠎ᠠ ᠳᠦᠭᠦᠷᠡᠩ ᠪᠠᠶᠠᠷ ᠪᠠᠬᠠᠳᠤᠯ᠎ᠲᠠᠶ ᠪᠤᠴᠠᠭᠤᠯᠤᠨ᠎ᠠ᠃

ᠰᠤᠶᠤᠯ ᠤ᠋ᠨ ᠡᠬᠦᠳᠤᠯᠳᠠ ᠵᠢᠨ ᠲᠠᠮᠠᠭ᠎ᠠ ᠴᠤᠬᠯᠠᠭᠤᠯᠬᠤ ᠦᠵᠡᠭᠦᠯᠭᠡ᠎ᠶ᠋ᠢᠨ ᠪᠠᠢᠷᠢ ᠵᠢᠨ ᠦᠯᠢᠭᠡᠷ᠎ᠡᠴᠡ ᠱᠠᠩᠨᠠᠯ᠎ᠤᠨ ᠰᠢᠪᠠᠭ᠎ᠠ ᠰᠤᠭᠤᠯᠵᠤ ᠣᠯᠤᠭ᠍ᠰᠠᠨ ᠭᠡᠨᠡᠳᠲᠡ᠎ᠶ᠋ᠢᠨ ᠪᠠᠶᠠᠷ ᠪᠠᠬᠠᠳᠤᠯ ᠬᠦᠷᠲᠡᠯ᠎ᠡ᠂ ᠡᠨᠡ ᠬᠦ᠌ ᠰᠤᠨᠢᠷᠬᠠᠯᠳᠤ ᠲᠣᠭ᠍ᠯᠠᠭᠠᠮ᠎ᠳᠤ᠂ ᠦᠵᠡᠰᠬᠦᠯᠡᠩ ᠤ᠋ᠨ ᠴᠤᠬᠯᠠᠭᠠᠨ ᠢ᠋ ᠲᠣᠭᠣᠷᠢᠨ ᠦᠵᠡᠭᠦᠯᠬᠦ᠌ ᠤᠯᠠᠨ ᠵᠦᠶ᠋ᠯ᠎ᠦᠨ ᠬᠠᠪᠤ ᠴᠡᠩᠭᠡᠯ ᠨᠢᠭᠤᠭ᠍ᠳᠠᠵᠤ ᠪᠠᠢᠨ᠎ᠠ! 8 ᠰᠠᠷ᠎ᠠ᠎ᠳᠤ᠂ ᠲᠠᠪᠤᠳᠤᠭᠠᠷ ᠬᠤᠭᠤᠴᠠᠭᠠᠨ᠎ᠤ ᠳᠤᠮᠳᠠᠳᠤ ᠮᠣᠩᠭᠣᠯ᠎ᠤᠨ ᠦᠵᠡᠰᠭᠦᠯᠡᠩ᠎ᠦᠨ ᠴᠤᠭ᠍ᠯᠠᠭᠠᠨ᠂ ᠲᠠᠨ ᠢ᠋ ᠰᠤᠨᠢᠷᠬᠠᠯᠳᠤ ᠲᠤᠭᠯᠠᠭᠠᠮ ᠳ᠋ᠤ ᠤᠷᠤᠯᠴᠠᠬᠤ ᠪᠡᠷ ᠢᠷᠡᠬᠦ ᠵᠢ ᠬᠦᠯᠢᠶᠠᠨᠠᠮ — ᠭᠠᠵᠠᠷ᠎ᠤᠨ ᠵᠢᠷᠤᠭ᠎ᠢᠶᠠᠨ ᠠᠪᠴᠤ᠌᠂ ᠳᠤᠷᠠᠰᠭᠠᠯ ᠤ᠋ᠨ ᠪᠤᠳᠠᠰ ᠵᠢᠡᠨ ᠠᠪᠴᠤ ᠠᠵᠠ ᠬᠡᠢᠮᠣᠷᠢ᠎ᠪᠠᠨ ᠲᠠᠯᠠᠯᠤᠵᠤ᠂ ᠡᠨᠡ ᠬᠦ᠌ 《ᠳᠤᠮᠳᠠᠳᠤ ᠮᠣᠩᠭᠣᠯ᠎ᠤᠨ ᠪᠣᠯᠵᠣᠭ᠎ᠠ》 ᠵᠢ ᠨᠡᠩ ᠮᠠᠷᠲᠠᠭ᠍ᠳᠠᠰᠢ ᠦᠭᠡᠢ ᠪᠣᠯᠭᠠᠶ᠎ᠠ!

ᠢᠷᠡᠯᠲᠡ᠄ ᠲᠠᠯ᠎ᠠ ᠨᠤᠲᠤᠭ᠎ᠤᠨ ᠡᠭᠦᠯᠡ ᠱᠢᠯᠵᠢᠶ᠎ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄ ᠡᠷᠳᠡᠨᠢᠪᠤᠯᠠᠭ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面