2025-08-19 17:07:00
ᠲᠠᠪᠤᠳᠤᠭᠠᠷ ᠬᠤᠭᠤᠴᠠᠭᠠᠨ᠎ᠤ ᠳᠤᠮᠳᠠᠳᠤ ᠮᠣᠩᠭᠣᠯ᠎ᠤᠨ ᠦᠵᠡᠰᠭᠦᠯᠡᠩ᠎ᠦᠨ ᠴᠤᠭ᠍ᠯᠠᠭᠠᠨ ᠬᠠᠷᠠᠬᠠᠨ ᠡᠬᠢᠯᠡᠭᠡ ᠦᠭᠡᠢ᠎ᠪᠡᠷ ᠨᠢᠭᠡ ᠪᠦᠯᠦᠭ 《ᠬᠦᠷᠢᠶᠡᠯᠡᠭᠴᠢ ᠤᠯᠠᠨᠳᠠᠢ ᠤᠳᠤᠨ》 ᠤᠷᠤᠯᠴᠠᠬᠤ ᠪᠡᠷ ᠲᠤᠭᠳᠠᠪᠠ! ᠬᠠᠮᠢᠭ᠎ᠠ ᠣᠴᠢᠬᠤ ᠪᠠᠨ ᠡᠷᠡᠭᠡᠯᠵᠡᠬᠦ᠌ᠬᠡᠷᠡᠭ ᠦᠭᠡᠢ᠂ ᠡᠨᠡ ᠤᠳᠠᠭᠠᠨ᠎ᠤ ᠲᠡᠷᠢᠭᠦᠨ ᠵᠡᠷᠭᠡ᠎ᠶ᠋ᠢᠨ ᠭᠤᠤᠯ ᠨᠡᠪᠲᠡᠷᠡᠭᠦᠯᠭᠡ᠂ ᠠᠵᠢᠯ ᠲᠥᠷᠥᠯ ᠠᠯᠤᠰᠯᠠᠭᠰᠠᠨ ᠠᠵᠢᠯᠠᠯᠠᠭᠠ ᠪᠠ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠬᠠᠷᠢᠯᠴᠠᠨ ᠦᠶ᠋ᠯᠡᠳᠦᠯᠴᠡᠬᠦ᠌ ᠦᠪᠡᠳᠡᠭ᠌ᠰᠢ ᠴᠤᠭᠯᠠᠭᠠᠨ ᠨᠢ ᠴᠢᠮ᠎ᠠ᠎ᠳᠤ ᠭᠤᠤᠯᠳᠠᠯᠭ᠎ᠠ ᠵᠢ ᠤᠷᠢᠳᠴᠢᠯᠠᠨ ᠲᠦᠯᠦᠪᠯᠡᠵᠦ ᠥᠭ᠌ᠪᠡ!
ᠵᠠᠭᠤᠨ ᠲᠦᠮᠡᠨ ᠬᠦᠷᠢᠶᠡᠯᠡᠭᠴᠢ ᠲᠠᠢ ᠤᠷ᠎ᠠ ᠠᠪᠢᠶᠠᠰᠲᠠᠨ ᠤᠷᠤᠯᠴᠠᠬᠤ ᠦᠵᠡᠭᠦᠯᠭᠡ ᠨᠢ ᠲᠠᠨ᠎ᠳᠦ ᠠᠮᠳᠠᠳᠤ ᠢᠳᠡᠭᠡᠨ ᠤᠮᠳᠠᠭᠠᠨ᠎ᠤ ᠪᠡᠯᠡᠭ ᠪᠠᠷᠢᠬᠤ ᠨᠢ ᠯᠠᠪᠳᠠᠢ
ᠥᠪᠥᠷ ᠮᠣᠩᠭᠣᠯ᠎ᠤᠨ ᠠᠮᠲᠠ ᠴᠤᠬᠤᠮ ᠬᠡᠳᠦᠶ ᠭᠠᠢᠬᠠᠮᠱᠢᠭ᠍ᠲᠠᠢ ᠭᠡᠳᠡᠭ ᠢ ᠮᠡᠳᠡᠶ᠎ᠡ ᠭᠡᠵᠦ᠍ ᠪᠣᠳᠣᠵᠤ ᠪᠠᠢᠨ᠎ᠠ ᠦᠦ? 900 ᠲᠦᠮᠡᠨ ᠬᠦᠷᠢᠶᠡᠯᠡᠭᠴᠢ ᠲᠠᠢ ᠡᠩᠬᠡ ᠲᠠᠯ᠎ᠠ ᠨᠤᠲᠤᠭ᠎ᠤᠨ ᠨᠢᠭᠤᠴᠠ ᠵᠣᠷ᠎ᠢᠶᠠᠨ ᠠᠪᠴᠤ᠌ ᠢᠷᠡᠨ᠎ᠠ᠂ ᠲᠤᠬᠠᠶ᠎ᠶ᠋ᠢᠨ ᠲᠠᠯᠠᠪᠤᠷ᠎ᠲᠤ ᠴᠢᠮ᠎ᠠ᠎ᠳᠤ ᠱᠣᠣᠮᠠᠶ᠎ᠶ᠋ᠢᠨ N ᠵᠦᠶ᠋ᠯ᠎ᠦᠨ ᠢᠳᠡᠬᠦ᠌ ᠠᠷᠭ᠎ᠠ᠎ᠶ᠋ᠢ ᠵᠢᠭᠠᠵᠤ ᠥᠭ᠌ᠬᠦᠨ᠎ᠡ᠃ ᠬᠣᠨᠢᠨ ᠱᠥᠯᠥ᠍ ᠵᠢ ᠱᠣᠣᠮᠠᠶ ᠲᠠᠢ ᠢᠳᠡᠬᠦ ᠨᠢ ᠰᠤᠨᠢᠨ ᠰᠡᠪᠡᠭᠦᠨ ᠢᠳᠡᠬᠦ ᠠᠷᠭ᠎ᠠ ᠪᠠᠢᠵᠤ᠂ ᠲᠡᠷᠡ ᠠᠩᠬᠢᠯᠤᠮ᠎ᠠ ᠦᠨᠦᠷ ᠨᠢ ᠲᠡᠯᠭᠡᠴᠡ ᠵᠢᠨ ᠴᠠᠭᠠᠨ᠎ᠠ ᠡᠴᠡ ᠦᠨᠦᠷᠳᠦᠭᠳᠡᠬᠦ ᠪᠤᠯᠤᠨ᠎ᠠ︔750 ᠲᠦᠮᠡᠨ ᠬᠦᠷᠢᠶᠡᠯᠡᠭᠴᠢ ᠲᠠᠢ ᠪᠠᠲᠤ ᠠᠨᠳᠠ ᠮᠢᠬ᠎ᠠ ᠥᠷᠥᠮ᠎ᠡ ᠵᠢᠨ ᠱᠠᠩᠳᠠᠭᠤᠨ ᠠᠮᠳᠠ᠎ᠶᠢ ᠲᠠ ᠪᠦᠬᠦᠨ ᠳ᠋ᠦ ᠭᠠᠢᠬᠠᠭᠤᠯᠬᠤ ᠪᠤᠯᠤᠨ᠎ᠠ᠃ ᠡᠭᠦᠨ᠎ᠡᠴᠡ ᠭᠠᠳᠠᠨ᠎ᠠ᠂ ᠪᠠᠰᠠ ᠮᠢᠩᠭ᠎ᠠ ᠲᠦᠮᠡ ᠲᠡᠷᠡᠴᠢᠯᠡᠨ ᠵᠠᠭᠤᠨ ᠲᠦᠮᠡᠨ ᠬᠦᠷᠢᠶᠡᠯᠡᠭᠴᠢ᠎ᠲᠡᠶ ᠭᠤᠤᠯ ᠨᠡᠪᠲᠡᠷᠡᠭᠦᠯᠦᠭ᠌ᠴᠢᠳ ᠬᠢᠯᠢ ᠠᠯᠤᠰᠯᠠᠨ ᠠᠮᠲᠠᠲᠤ ᠢᠳᠡᠭᠡᠨ ᠬᠢᠵᠦ ᠦᠵᠡᠭᠦᠯᠦᠨ᠎ᠡ᠃ ᠣᠷᠣᠨ ᠨᠤᠲᠤᠭ᠎ᠤᠨ ᠣᠨᠴᠠᠯᠢᠭ᠎ᠲᠠᠶ ᠪᠦᠲᠦᠭᠡᠯᠴᠢ ᠵᠠᠭᠤᠰᠢ ᠨᠢᠭᠡᠪᠦᠷᠢ ᠡᠴᠡ ᠱᠢᠨ᠎ᠡ ᠰᠣᠷᠭᠣᠭ ᠠᠮᠳᠠ ᠠᠮᠳᠠᠯᠠᠭᠳᠠᠬᠤ ᠪᠤᠯᠤᠨ᠎ᠠ!
ᠬᠠᠷᠠᠭ᠎ᠠ ᠰᠤᠨᠤᠷ᠎ᠢ ᠮᠢᠯᠢᠶᠠᠭᠰᠠᠨ ᠦᠪᠡᠳᠡᠭ᠌ᠰᠢ ᠨᠠᠢᠷ ᠲᠠᠯᠠᠪᠠᠢ ᠲᠠᠶᠠᠭᠠᠷ ᠦᠷᠭᠦᠯᠵᠢᠯᠡᠨ᠎ᠠ
ᠡᠩ᠎ᠦᠨ ᠦᠵᠡᠭᠦᠯᠭᠡ᠎ᠶ᠋ᠢ ᠦᠵᠡᠭᠡᠳ ᠬᠠᠱᠢᠷᠠᠪᠠ ᠤᠤ? ᠡᠨᠡ ᠤᠳᠠᠭᠠᠨ᠎ᠤ ᠦᠵᠡᠭᠦᠯᠭᠡ᠎ᠳᠦ 《ᠱᠢᠯᠵᠢᠮᠡᠯ ᠲᠠᠪᠴᠠᠩ》 ᠲᠣᠬᠢᠷᠠᠭᠤᠯᠵᠠᠢ! 150.3 ᠲᠦᠮᠡᠨ ᠬᠦᠷᠢᠶᠡᠯᠡᠭᠴᠢ ᠲᠠᠶ ᠴᠢᠦ ᠢ ᠬᠠᠩ᠂ ᠳᠠᠭᠤᠤ᠎ᠪᠠᠷ᠎ᠢᠶᠠᠨ ᠪᠦᠬᠦ᠌ ᠲᠠᠯᠠᠪᠠᠢ ᠵᠢᠨ ᠬᠥᠳᠡᠯᠭᠡᠭᠡᠨ᠎ᠢ ᠬᠣᠯᠪᠣᠨ᠎ᠠ︔ 366 ᠲᠦᠮᠡᠨ ᠬᠦᠷᠢᠶᠡᠯᠡᠭᠴᠢ ᠲᠠᠢ 《ᠬᠤ᠌ ᠸᠠᠢ ᠴᠠᠩ ᠭᠧ ᠯᠧᠢ》 ᠲᠠᠭᠤᠴᠢᠨ᠂ ᠲᠠᠭᠤᠤ ᠬᠦᠭᠵᠢᠮ ᠵᠢᠡᠨ ᠬᠦᠨᠵᠡᠭᠡᠢ ᠪᠡᠶᠡᠴᠢᠯᠡᠨ ᠤᠢᠯᠠᠭᠠᠭᠤᠯᠤᠨ᠎ᠠ︔ 705.2 ᠲᠦᠮᠡᠨ ᠬᠦᠷᠢᠶᠡᠯᠡᠭᠴᠢ᠎ᠲᠠᠶ 《ᠮᠧᠨᠭ ᠰᠢᠶᠠᠩ ᠱᠠᠨ ᠮᠧᠢ》᠂ ᠲᠠᠭᠤᠯᠠᠵᠤ ᠡᠬᠢᠯᠡᠮᠡᠭᠴᠡ 《ᠠᠯᠬᠤᠵᠤ ᠪᠠᠢᠭ᠎ᠠ CD》 ᠱᠢᠭ; ᠨᠠᠩ ᠴᠤ᠌ 809.5 ᠲᠦᠮᠡᠨ ᠬᠦᠷᠢᠶᠡᠯᠡᠭᠴᠢ᠎ᠲᠡᠶ 《ᠷᠦᠸᠠᠨᠳᠠ᠎ᠶ᠋ᠢᠨ ᠵᠠᠯᠠᠭᠤᠴᠤᠳ᠎ᠤᠨ ᠪᠦᠯᠭᠦᠮ》 ᠨᠢ ᠬᠠᠷᠢ ᠤᠯᠤᠰ᠎ᠤᠨ ᠵᠠᠩ ᠦᠶ᠋ᠯᠡ᠎ᠶ᠋ᠢ ᠬᠠᠷᠠᠭᠤᠯᠤᠭ᠍ᠰᠠᠨ ᠲᠣᠭ᠍ᠯᠠᠯᠲᠠ ᠭᠠᠷᠭᠠᠵᠤ᠂ ᠲᠠᠨ᠎ᠢ ᠨᠢᠭᠡ ᠰᠧᠺᠦ᠋ᠨ᠋ᠳ᠋᠎ᠲᠦ ᠥᠪᠥᠷ ᠮᠣᠩᠭᠣᠯ᠎ᠤᠨ ᠲᠠᠪᠴᠠᠩ᠎ᠡᠴᠡ 《ᠣᠯᠠᠨ ᠤᠯᠤᠰ᠎ᠤᠨ ᠲᠠᠪᠴᠠᠩ》᠎ᠢ᠋ ᠰᠤᠨᠢᠷᠬᠠᠭᠤᠯᠬᠤ ᠪᠤᠯᠤᠨ᠎ᠠ᠃
ᠰᠣᠨᠢᠷᠬᠠᠯᠳᠠᠢ ᠥᠷᠢᠰᠥᠯᠳᠦᠭᠡᠨ + ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠦᠵᠡᠭᠦᠯᠭᠡ ᠨᠢ ᠬᠠᠷᠢᠯᠴᠠᠨ ᠦᠶ᠋ᠯᠡᠳᠦᠯᠴᠡᠬᠦ᠌ ᠮᠡᠳᠡᠷᠡᠮᠵᠢ᠎ᠵᠢ ᠬᠦᠭᠵᠢᠭᠡᠨ᠎ᠡ
ᠦᠵᠡᠭᠦᠯᠭᠡ ᠠᠮᠲᠠ ᠱᠢᠮᠲᠠ ᠦᠭᠡᠢ ᠰᠠᠨᠠᠭ᠍ᠳᠠᠬᠤ ᠪᠡᠷ ᠦᠭᠡᠢ! 515 ᠲᠦᠮᠡᠨ ᠬᠦᠷᠢᠶᠡᠯᠡᠭᠴᠢ ᠲᠠᠢ 《ᠱᠢᠶᠤᠤ ᠬᠣᠩ ᠬᠤᠸᠠ 1.5 m》᠂ 145 ᠲᠦᠮᠡᠨ ᠬᠦᠷᠢᠶᠡᠯᠡᠭᠴᠢ ᠲᠠᠢ 《ᠼᠤᠤ ᠶᠤᠸᠠᠨ ᠮᠥᠸᠧ ᠳ᠋ᠧᠩ ᠱᠢᠶᠤᠤ ᠵᠢᠶᠧ ᠮᠧᠢ》 ᠲᠠᠨ᠎ᠢ ᠳᠠᠭᠠᠭᠤᠯᠤᠨ 《ᠠᠶᠠᠭᠠᠨ ᠪᠥᠵᠢᠭ᠎ᠦᠨ ᠥᠷᠢᠰᠥᠯᠳᠦᠭᠡᠨ》 ᠢ᠋ ᠰᠤᠨᠢᠷᠬᠠᠭᠤᠯᠤᠨ᠎ᠠ︔ ᠮᠠᠱᠢᠨ ᠬᠥᠮᠦᠨ᠎ᠦ ᠬᠤᠪᠢᠯᠪᠤᠷᠢ 《ᠣᠶᠤᠨᠴᠢ ᠵᠠᠮᠴᠢ》 ᠨᠢ ᠬᠥᠮᠦᠨ᠎ᠦ ᠤᠷᠤᠰᠭᠠᠯ᠎ᠡᠴᠡ ᠵᠠᠢᠯᠠᠭᠤᠯᠤᠨ ᠰᠣᠳᠣᠨ ᠦᠵᠡᠭᠦᠯᠭᠡ᠎ᠶ᠋ᠢᠨ ᠲᠣᠭᠣᠷᠢᠭ᠎ᠢᠶᠡᠷ ᠲᠣᠭᠣᠷᠢᠭᠤᠯᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠲᠥᠷᠥᠭ᠌ᠳᠡᠯ ᠪᠠ ᠰᠣᠨᠢᠷᠬᠠᠯᠲᠤ ᠴᠢᠨᠠᠷ᠎ᠢ ᠬᠤᠤᠰᠯᠠᠭᠤᠯᠤᠨᠠ᠃
ᠠᠮᠲᠠᠲᠤ ᠢᠳᠡᠭᠡᠨ᠎ᠡᠴᠡ ᠬᠠᠷᠠᠭ᠎ᠠ ᠰᠣᠨᠣᠷᠢ ᠪᠠᠶᠠᠰᠭᠠᠬᠤ ᠬᠦᠷᠲᠡᠯ᠎ᠡ᠂ ᠤᠷ᠎ᠠ ᠠᠪᠢᠶᠠᠰᠲᠠᠨ ᠬᠠᠷᠢᠯᠴᠠᠨ ᠬᠤᠷᠱᠢᠯᠴᠠᠬᠤ᠎ᠡᠴᠡ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠢ ᠪᠡᠶᠡᠴᠢᠯᠡᠨ ᠣᠢᠯᠠᠭᠠᠬᠤ ᠬᠦᠷᠲᠡᠯ᠎ᠡ᠂ ᠲᠠᠪᠤᠳᠤᠭᠠᠷ ᠬᠤᠭᠤᠴᠠᠭᠠᠨ᠎ᠤ ᠳᠤᠮᠳᠠᠳᠤ ᠮᠣᠩᠭᠣᠯ᠎ᠤᠨ ᠦᠵᠡᠰᠭᠦᠯᠡᠩ᠎ᠦᠨ ᠴᠤᠭ᠍ᠯᠠᠭᠠᠨ ᠡᠨᠡ ᠤᠳᠠᠭ᠎ᠠ ᠨᠢᠵᠢᠭᠡᠷ ᠰᠠᠢᠬᠠᠨ ᠶᠠᠪᠤᠭ᠍ᠳᠠᠬᠤ ᠪᠤᠯᠤᠨ᠎ᠠ! ᠠᠮᠳᠠᠳᠤ ᠢᠳᠡᠭᠡᠨ᠎ᠳᠦ ᠲᠤᠷᠠᠳᠠᠢ᠂ ᠲᠠᠭᠤᠤ ᠤᠷᠠᠯᠢᠭ ᠲᠦ᠍ ᠲᠤᠷᠠᠳᠠᠢ᠂ ᠡᠰᠡᠬᠦᠯ᠎ᠡ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠳᠦ ᠪᠠᠬᠠᠳᠠᠢ᠂ ᠲᠤᠭᠤᠷᠢᠨ ᠵᠢᠭᠤᠯᠴᠢᠯᠠᠬᠤ ᠲᠤᠷᠠᠳᠠᠢ ᠴᠦ᠍ ᠪᠤᠯᠤᠭ᠂ ᠴᠦᠮ ᠡᠨᠳᠡ᠎ᠡᠴᠡ ᠪᠠᠶᠠᠷ ᠪᠠᠬᠠᠳᠤᠯ ᠵᠢᠡᠨ ᠤᠯᠵᠤ ᠪᠤᠯᠤᠨ᠎ᠠ᠃ ᠲᠠ ᠰᠣᠨᠢᠭᠤᠴᠢ ᠰᠡᠳᠭᠢᠯ᠎ᠳᠡᠭᠡᠨ ᠬᠦᠳᠦᠯᠦᠭᠳᠡᠨ ᠰᠡᠭᠦᠳᠡᠷᠯᠡᠬᠦ᠌ ᠮᠠᠱᠢᠨ ᠵᠢᠡᠨ ᠠᠪᠴᠤ᠂ ᠡᠨᠡ ᠬᠦ᠌ ᠦᠪᠡᠳᠡᠭ᠌ᠰᠢ ᠴᠤᠭᠯᠠᠭᠠᠨ᠎ᠳᠦ ᠮᠤᠷᠢᠯᠠᠨ ᠰᠠᠭᠠᠳᠠᠬᠤ ᠵᠢ ᠪᠠᠶᠠᠷᠯᠠᠨ ᠤᠭᠳᠤᠵᠤ ᠪᠠᠢᠨ᠎ᠠ!
ᠢᠷᠡᠯᠲᠡ᠄ ᠲᠠᠯ᠎ᠠ ᠨᠤᠲᠤᠭ᠎ᠤᠨ ᠡᠭᠦᠯᠡᠨ ᠱᠢᠯᠵᠢᠶ᠎ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄ ᠠᠭᠤᠯᠠ




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃