ᠰᠣᠶᠣᠯ ᠤᠷᠠᠯᠢᠭ > ᠲᠠᠪᠤᠳᠤᠭᠠᠷ ᠬᠤᠭᠤᠴᠠᠭᠠᠨ᠎ᠤ᠋ ᠳᠤᠮᠳᠠᠳᠤ ᠮᠤᠩᠭᠤᠯ᠎ᠤ᠋ᠨ ᠦᠵᠡᠰᠭᠦᠯᠡᠩ᠎ᠦ᠋ᠨ ᠴᠤᠭᠯᠠᠭᠠᠨ

2025-08-08 12:00:42

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠳᠤᠮᠳᠠᠳᠤ ᠤᠯᠤᠰ —ᠮᠣᠩᠭᠣᠯ ᠤᠯᠤᠰ᠎ᠤᠨ ᠦᠵᠡᠰᠬᠦᠯᠡᠩ᠎ᠦᠨ ᠴᠤᠭᠯᠠᠭᠠᠨ(ᠳᠣᠷᠣᠭ᠍ᠰᠢ ᠳᠤᠮᠳᠠᠳᠤ ᠮᠣᠩᠭᠣᠯ᠎ᠤᠨ ᠦᠵᠡᠰᠬᠦᠯᠡᠩ᠎ᠤᠨ ᠴᠤᠭᠯᠠᠭᠠᠨ ᠭᠡᠵᠦᠲᠣᠪᠴᠢᠯᠠᠨ᠎ᠠ) ᠨᠢ ᠶᠠᠪᠤᠭᠳᠠᠭᠠᠳ ᠨᠢᠭᠡᠨᠲᠡ ᠠᠷᠪᠠᠨ ᠵᠢᠯ᠎ᠤᠨᠨᠢᠭᠤᠷ ᠦᠵᠡᠵᠤ ᠪᠤᠢ᠃ 2015 ᠣᠨ᠎ᠤ《ᠠᠩᠬᠠᠨ᠎ᠤ ᠠᠭᠤᠯᠵᠠᠯᠲᠠ》 ᠡᠴᠡ ᠠᠪᠤᠭᠠᠳᠥᠨᠥᠳᠥᠷ ᠲᠡᠯᠡᠬᠡᠢ ᠳ᠋ᠡᠬᠢᠨ ᠳ᠋ᠤ ᠨᠠᠷ᠎ᠠ ᠨᠦᠯᠦᠬᠡ ᠲᠠᠢ ᠪᠤᠯᠤᠭᠰᠠᠨ ᠳᠤᠮᠳᠠᠳᠤ ᠮᠣᠩᠭᠣᠯ᠎ᠤᠨ ᠦᠵᠡᠰᠬᠦᠯᠡᠩ᠎ᠤᠨᠴᠤᠭᠯᠠᠭᠠᠨ ᠨᠢ ᠤᠯᠤᠰ ᠠᠯᠤᠰᠯᠠᠭᠰᠠᠨ ᠬᠠᠮᠲᠤᠷᠠᠯᠴᠠᠭᠠᠨ᠎ᠤ ᠬᠦᠮᠦᠰ᠎ᠤᠨ ᠠᠨᠭᠬᠠᠷᠤᠯ᠎ᠢ ᠲᠠᠳᠠᠬᠰᠠᠨ ᠭᠠᠵᠠᠷᠪᠤᠯᠪᠠ !

《ᠪᠤᠳᠠᠳᠤ ᠬᠦᠴᠦᠨ᠎ᠤ ᠬᠤᠯᠪᠤᠭᠠᠯᠠᠯ》ᠡᠴᠡ《ᠰᠡᠳᠭᠢᠯ᠎ᠤᠨ ᠨᠡᠪᠲᠡᠷᠡᠯᠴᠡᠭᠡ》ᠬᠦᠷᠲᠡᠯ᠎ᠡ᠂ ᠳᠤᠮᠳᠠᠳᠤ ᠮᠣᠩᠭᠣᠯ᠎ᠤᠨ ᠦᠵᠡᠰᠬᠦᠯᠡᠩ᠎ᠦᠨ ᠴᠤᠭᠯᠠᠭᠠᠨ᠎ᠤ ᠤᠯᠤᠭᠰᠠᠨᠠᠮᠵᠢᠯᠲᠠ ᠨᠢ ᠠᠵᠤ ᠠᠬᠤᠢ ᠠᠷᠠᠯᠵᠢᠶᠠᠨ᠎ᠤ ᠲᠣᠭᠠᠨ᠎ᠤ ᠲᠠᠯ᠎ᠠ᠎ᠪᠠᠷ ᠢᠯᠡᠷᠡᠵᠦ ᠪᠠᠢᠬᠤ᠎ᠪᠠᠷ ᠪᠠᠷᠠᠬᠤᠦᠭᠡᠢ᠂ ᠨᠡᠩ ᠴᠤ᠌ ᠲᠡᠭᠦᠨ᠎ᠦ ᠠᠬᠢᠭᠤᠯᠤᠭᠰᠠᠨ 《ᠠᠷᠠᠳ᠎ᠤᠨᠰᠡᠳᠬᠢᠯ᠎ᠦᠨ ᠨᠡᠪᠲᠡᠷᠡᠯᠴᠡᠭᠡ》 ᠪᠡᠷ ᠢᠯᠡᠷᠡᠵᠦ ᠪᠤᠢ᠃

ᠢᠮᠠᠭᠠᠨ ᠨᠣᠤᠯᠤᠭᠤᠷᠬᠤᠳᠠᠯᠳᠤᠬᠤ᠎ᠡᠴᠡ ᠪᠤᠳᠤᠯᠳᠠ ᠵᠢᠨ ᠬᠦᠴᠦᠨ᠎ᠤ ᠬᠠᠮᠳᠤᠷᠠᠯᠴᠠᠭ᠎ᠠ ᠬᠦᠷᠲᠡᠯ᠎ᠡ ᠠᠭᠤᠯᠭ᠎ᠠ ᠪᠠ ᠬᠡᠯᠪᠡᠷᠢ ᠳ᠋ᠤᠦᠰᠦᠳ ᠬᠤᠪᠢᠷᠠᠯᠳᠠ ᠭᠠᠷᠴᠠᠢ

ᠲᠨᠬᠡᠷᠪᠡ ᠳᠤᠮᠳᠠᠳᠤ ᠮᠣᠩᠭᠣᠯ᠎ᠤᠨ ᠬᠠᠮᠲᠤᠷᠠᠯᠴᠠᠭ᠎ᠠ ᠨᠢ ᠪᠠᠰᠠ ᠴᠤ᠌《ᠠᠭᠤᠷᠬᠠᠢ ᠮᠠᠯᠲᠠᠬᠤ + ᠬᠣᠨᠢ ᠲᠡᠵᠢᠭᠡᠬᠦ》ᠬᠡᠯᠪᠡᠷᠢᠳ᠋ᠤ ᠯᠡ ᠵᠤᠬᠰᠤᠩᠭᠤᠢᠷᠠᠵᠤ ᠪᠠᠢᠬ᠎ᠠ ᠬᠡᠵᠤ ᠲᠦᠰᠦᠬᠡᠯᠡᠵᠤ ᠪᠠᠢᠪᠠᠯ ᠡᠷᠡᠰ ᠪᠤᠷᠤᠭᠤᠳᠠᠵᠠᠢ ! 2024 ᠣᠨ ᠳ᠋ᠤ ᠳᠤᠮᠳᠠᠳᠤ ᠮᠣᠩᠭᠣᠯ᠎ᠤᠨᠠᠷᠠᠯᠵᠢᠶᠠᠨ᠎ᠤ ᠬᠡᠮᠵᠢᠶ᠎ᠡ 186.2ᠳ᠋ᠦᠩᠰᠢᠭᠤᠷ ᠳ᠋ᠣᠯᠯᠠᠷ᠎ᠲᠤ ᠬᠦᠷᠴᠤ᠂ ᠳᠤᠮᠳᠠᠳᠤ ᠤᠯᠤᠰ ᠨᠢ ᠮᠣᠩᠭᠣᠯ ᠤᠯᠤᠰ᠎ᠤᠨ ᠬᠠᠮᠤᠭ᠎ᠤᠨ ᠲᠣᠮᠣ᠌ᠠᠷᠠᠯᠵᠢᠶᠠᠨ᠎ᠤ ᠬᠠᠨᠢᠲᠠᠨ᠎ᠤ ᠰᠠᠭᠤᠳᠠᠯ ᠳ᠋ᠥ ᠯᠠᠪᠳᠠᠭᠤᠨ ᠰᠠᠭᠠᠲᠠᠭᠰᠠᠨ ᠪᠠᠢᠨ᠎ᠠ᠃

ᠨᠡᠩᠠᠨᠭᠬᠠᠷᠤᠭᠤᠰᠢᠲᠠᠢ ᠨᠢ ᠭᠡᠪᠡᠯ᠂ ᠬᠠᠮᠲᠤᠷᠠᠯᠴᠠᠭᠠᠨ᠎ᠤ ᠬᠦᠷᠢᠶ᠎ᠠ ᠴᠠᠷᠠᠭ᠎ᠠ ᠨᠢ ᠲᠠᠰᠤᠷᠠᠯᠳᠠ ᠦᠬᠡᠢ ᠲᠠᠪᠠᠯᠳᠠᠵᠢ ᠪᠠᠶᠡᠯᠡᠬᠦᠯᠵᠤ᠂ ᠳᠤᠮᠳᠠᠳᠤ ᠮᠣᠩᠭᠣᠯ᠎ᠤᠨ ᠡᠷᠢᠶᠡᠨ ᠬᠣᠲᠠ — ᠵᠠᠮ᠎ᠤᠨ ᠡᠭᠦᠳᠡ᠎ᠶᠢᠨ ᠠᠵᠤ ᠠᠬᠤᠢ᠎ᠶᠢᠨ ᠬᠠᠮᠲᠤᠷᠠᠯᠴᠠᠭᠠᠨ᠎ᠤ ᠣᠷᠣᠨᠵᠥᠪᠰᠢᠶᠡᠷᠡᠭᠳᠡᠨ ᠪᠠᠢᠭᠤᠯᠤᠭᠳᠠᠵᠤ᠂AGV ᠬᠢᠯᠢ ᠠᠯᠤᠰᠯᠠᠭᠰᠠᠨ ᠵᠢᠯᠣᠭᠣᠴᠢ ᠦᠭᠡᠢ ᠲᠡᠭᠡᠭᠡᠪᠦᠷᠢ ᠨᠢ ᠪᠣᠭᠣᠮᠲᠠ᠎ᠪᠠᠷᠥᠩᠭᠡᠷᠡᠬᠦ᠎ᠶᠢ 《ᠰᠧᠺᠦ᠋ᠨ᠋ᠳ᠋᠎ᠢᠶᠡᠷ ᠲᠤᠭᠠᠯᠠᠬᠤ ᠴᠠᠭ ᠦᠶ᠎ᠡ》 ᠳ᠋ᠤ᠌ ᠣᠷᠣᠭᠤᠯᠪᠠ᠃ ᠠᠭᠠᠷ᠎ᠤᠨ ᠠᠶᠠᠯᠠᠯ᠎ᠤᠨ ᠪᠣᠭᠣᠮᠲᠠ ᠤᠷᠢᠳ ᠬᠣᠵᠢᠳ 40 ᠭᠠᠷᠤᠢ ᠵᠤᠷᠪᠤᠰ ᠣᠯᠠᠨ ᠤᠯᠤᠰ᠎ᠤᠨ ᠠᠭᠠᠷ᠎ᠤᠨᠠᠶᠠᠯᠠᠯ᠎ᠤᠨ ᠱᠤᠭᠤᠮ᠎ᠢ ᠨᠡᠪᠲᠡᠷᠡᠭᠦᠯᠪᠡ᠃ ᠥᠪᠥᠷ ᠮᠣᠩᠭᠣᠯ᠎ᠤᠨ ᠭᠠᠳᠠᠭᠠᠳᠤ ᠨᠡᠭᠡᠭᠡᠯᠲᠡ᠎ᠶᠢᠨ ᠪᠣᠭᠣᠮᠲᠠᠨᠡᠮᠡᠭᠳᠡᠭᠡᠳ 20 ᠪᠣᠯᠪᠠ᠃ ᠥᠪᠥᠷᠮᠣᠩᠭᠣᠯ᠎ᠤᠨ ᠵᠠᠬ᠎ᠠ ᠵᠢᠨ ᠠᠷᠠᠯᠵᠢᠶ᠎ᠠ ᠵᠢᠨ ᠬᠡᠮᠵᠢᠶ᠎ᠠ 7.8 ᠳ᠋ᠦᠩᠰᠢᠭᠤᠷ ᠲᠥᠭᠥᠷᠢᠭ ᠲᠤ᠌ ᠬᠦᠷᠴᠤ᠂ ᠲᠡᠬᠡᠷ᠎ᠡ ᠵᠢᠯ᠎ᠤᠨ ᠬᠢ ᠡᠴᠡ ᠪᠠᠨ 113% ᠎ᠪᠡᠷ ᠨᠡᠮᠡᠭᠳᠡᠵᠦ᠂ 15.8 ᠲᠦᠮᠡᠨ ᠬᠥᠮᠥᠨ ᠤᠳᠠᠭ᠎ᠠ ᠣᠷᠣᠯᠴᠠᠪᠠ᠃

ᠮᠣᠩᠭᠣᠯ ᠤᠯᠤᠰ᠎ᠤᠨᠨᠠᠰᠤᠲᠠᠨ ᠡᠵᠢ ᠰᠢᠭᠤᠳ ᠨᠡᠪᠲᠡᠷᠡᠭᠦᠯᠭᠡ᠎ᠪᠡᠷ ᠢᠮᠠᠭᠠᠨ ᠨᠣᠤᠯᠤᠭᠤᠷ ᠬᠤᠳᠠᠯᠳᠤᠬᠤ᠎ᠶᠢ ᠰᠣᠷᠣᠭᠰᠠᠨ᠂ᠳᠤᠮᠳᠠᠳᠤ ᠤᠯᠤᠰ᠎ᠤᠨ ᠡᠮᠴᠢ ᠭᠣᠪᠢ ᠨᠤᠲᠤᠭ ᠲᠤ᠌ ᠬᠦᠷᠴᠤ 600 ᠬᠣᠣᠰ ᠨᠢᠳᠦ ᠵᠢ ᠡᠮᠨᠡᠵᠦ ᠬᠠᠷᠠᠭ᠎ᠠ ᠤᠷᠤᠭᠤᠯᠤᠭᠰᠠᠨ᠂ ᠬᠣᠶᠠᠷ ᠤᠯᠤᠰ᠎ᠤᠨᠵᠠᠯᠠᠭᠤᠴᠤᠳ ᠦᠢᠯᠡᠰ ᠪᠤᠰᠬᠠᠬᠤ ᠤᠷᠤᠯᠳᠤᠭᠠᠨ᠎ᠢ ᠬᠠᠮᠲᠤ ᠪᠡᠷ ᠪᠡᠯᠭᠡᠯᠡᠭᠰᠡᠨ ᠁ ᠡᠳᠡᠭᠡᠷ ᠲᠣᠭ᠎ᠠᠪᠠᠷᠢᠮᠲᠠ᠎ᠡᠴᠡ ᠨᠡᠩ ᠢᠯᠡᠭᠦᠦ ᠬᠥᠮᠥᠰ᠎ᠦᠨ ᠰᠡᠳᠬᠢᠯ᠎ᠢ ᠲᠤᠬᠳᠤᠯᠤᠭᠤᠯᠬᠤ《ᠮᠠᠷᠲᠠᠭᠲᠠᠰᠢ ᠦᠭᠡᠢ ᠬᠤᠷᠤᠮ ᠮᠦᠴᠡ》 ᠪᠤᠯᠰᠠᠶᠢ ᠦᠵᠡᠰᠬᠦᠯᠡᠩ᠎ᠦᠨ ᠴᠤᠭᠯᠠᠭᠠᠨ᠎ᠤ ᠨᠡᠷ᠎ᠡ ᠨᠦᠯᠦᠬᠡ ᠵᠢ ᠢᠯᠡᠷᠡᠬᠦᠯᠬᠦ ᠵᠢᠩᠬᠢᠨᠢ 《ᠨᠢᠭᠤᠴᠠ ᠲᠡᠮᠳᠡᠭ》 ᠪᠣᠯᠣᠨ᠎ᠠ!

《ᠬᠡᠷᠡᠯ ᠭᠡᠭᠡ᠎ᠶᠢᠨ ᠠᠶᠠᠯᠠᠯ》 ᠭᠣᠪᠢ ᠨᠤᠲᠤᠭ ᠎ᠢ ᠭᠡᠷᠡᠯᠲᠦᠭᠦᠯᠵᠦ 《ᠰᠤᠷᠤᠯᠭ᠎ᠠ᠎ᠶᠢᠨᠱᠠᠩᠨᠠᠯ᠎ᠤᠨ ᠮᠥᠩᠭᠥ》 ᠵᠠᠯᠠᠭᠤᠴᠤᠳ᠎ᠤᠨ ᠶᠠᠪᠤᠯᠴᠠᠭ᠎ᠠ ᠵᠢᠠᠬᠢᠭᠤᠯᠪᠠ

《ᠨᠢᠭᠡ ᠪᠦᠰᠡ ᠨᠢᠭᠡ ᠵᠠᠮ·ᠬᠡᠷᠡᠯ ᠭᠡᠭᠡ᠎ᠶᠢᠨ ᠠᠶᠠᠯᠠᠯ》 ᠤ᠋ᠨᠠᠵᠢᠯᠯᠠᠭ᠎ᠠ ᠨᠢ ᠮᠣᠩᠭᠣᠯ ᠤᠯᠤᠰ᠎ᠤᠨ 600 ᠭᠠᠷᠤᠢ ᠬᠠᠷᠠᠭᠠᠨ ᠰᠠᠭᠠᠳ ᠲᠠᠢ ᠡᠪᠡᠳᠴᠢᠲᠡᠨ᠎ᠢ ᠡᠮᠨᠡᠨ ᠡᠳᠡᠭᠡᠷᠡᠭᠦᠯᠵᠦ ᠬᠠᠷᠠᠭ᠎ᠠᠤᠷᠤᠭᠤᠯᠪᠠ᠃ 《ᠥᠪᠥᠷ ᠮᠣᠩᠭᠣᠯ᠎ᠤᠨ ᠠᠷᠠᠳ᠎ᠤᠨ ᠵᠠᠰᠠᠭ᠎ᠤᠨ ᠣᠷᠳᠣᠨ᠎ᠤᠰᠤᠷᠤᠯᠭ᠎ᠠ᠎ᠶᠢᠨ ᠱᠠᠩᠨᠠᠯ᠎ᠤᠨ ᠮᠥᠩᠭᠥ》 ᠨᠢ ᠮᠠᠨ᠎ᠤ ᠤᠯᠤᠰ ᠲᠤ᠌ ᠰᠤᠷᠤᠯᠴᠠᠵᠤᠪᠠᠢᠭ᠎ᠠ ᠮᠣᠩᠭᠣᠯ ᠤᠯᠤᠰ᠎ᠤᠨ 2000ᠭᠠᠷᠤᠢ ᠣᠶᠤᠲᠠᠨ᠎ᠢ ᠱᠠᠩᠨᠠᠪᠠ ᠁

ᠡᠨᠡᠬᠦ᠌ ᠦᠵᠡᠰᠬᠦᠯᠡᠩ᠎ᠤᠨ ᠴᠤᠭᠯᠠᠭᠠᠨ ᠨᠢ ᠬᠡᠳᠦᠢᠨ 《ᠠᠷᠠᠯᠵᠢᠶ᠎ᠠᠬᠢᠬᠦ》ᠤᠳᠬ᠎ᠠ ᠠᠭᠤᠯᠭ᠎ᠠ ᠪᠡᠷ ᠯᠡ ᠵᠣᠭᠰᠣᠬᠤ ᠲᠡᠳᠦᠢ ᠪᠢᠰᠢ ᠪᠤᠯᠵᠤᠬᠠᠷᠢᠨ ᠬᠣᠶᠠᠷ ᠤᠯᠤᠰ᠎ᠤᠨ ᠵᠠᠯᠠᠭᠤᠴᠤᠳ᠎ᠤᠨ 《ᠬᠦᠰᠡᠯ ᠵᠡᠬᠦᠳᠤ ᠵᠢᠨᠰᠤᠯᠢᠯᠴᠠᠭᠠᠨ᠎ᠤ ᠭᠠᠵᠠᠷ》 ᠪᠣᠯᠤᠭᠰᠠᠨ ᠪᠠᠢᠨ᠎ᠠ᠃

ᠠᠷᠪᠠᠨᠵᠢᠯ᠂ ᠲᠡᠮᠡᠭᠡᠨ ᠵᠢᠩ ᠎ᠦᠨ ᠬᠤᠩᠬᠤᠨ ᠲᠠᠭᠤᠨ ᠬᠠᠩᠬᠢᠨᠠᠬᠰᠠᠨ ᠡᠷᠲᠡᠨ᠎ᠦ ᠵᠠᠮ᠎ᠡᠴᠡ ᠲᠣᠭ᠎ᠠᠪᠠᠷᠢᠮᠲᠠ᠎ᠲᠠᠰᠤᠷᠠᠯᠳᠠ ᠦᠬᠡᠢ ᠦᠭᠰᠦᠨ ᠲᠡᠬᠡᠭᠰᠢᠯᠡᠭᠰᠡᠨ ᠬᠦᠷᠲᠡᠯ᠎ᠡ᠂ ᠳᠤᠮᠳᠠᠳᠤ ᠮᠣᠩᠭᠣᠯ᠎ᠤᠨᠦᠵᠡᠰᠬᠦᠯᠡᠩ᠎ᠤᠨ ᠴᠤᠭᠯᠠᠭᠠᠨ ᠨᠢ 《ᠵᠡᠷᠭᠡᠯᠡᠳᠡᠭᠡ ᠠᠢᠯ》 ᠢ᠋ 《ᠬᠤᠷᠰᠢᠨ ᠠᠵᠢᠯᠯᠠᠭᠴᠢ》 ᠪᠣᠯᠭᠠᠨ ᠬᠤᠪᠢᠷᠠᠭᠤᠯᠵᠠᠢ᠃

8ᠰᠠᠷ᠎ᠠ᠎ᠶᠢᠨ 25᠎ᠤ᠋ ᠡᠳᠦᠷ ᠲᠠᠪᠤᠳᠤᠭᠠᠷ ᠬᠤᠭᠤᠴᠠᠭᠠᠨ᠎ᠤ ᠳᠤᠮᠳᠠᠳᠤ ᠮᠣᠩᠭᠣᠯ᠎ᠤᠨ ᠦᠵᠡᠰᠬᠦᠯᠡᠩ᠎ᠦᠨ ᠴᠤᠭᠯᠠᠭᠠᠨ ᠡᠬᠢᠯᠡᠬᠦᠪᠤᠯᠤᠨ᠎ᠠ᠃ ᠴᠡᠭᠡ ᠬᠢᠭᠡᠳ ᠡᠭᠦᠯᠡᠨ ᠪᠣᠳᠣᠯᠲᠠ ᠰᠢᠨ᠎ᠠ ᠬᠠᠭᠤᠴᠢᠨ ᠎ᠤ ᠠᠭᠤᠯᠵᠠᠯᠳᠠ᠂ VR ᠡᠭᠦᠯᠡᠡ᠎ᠮᠡᠷᠬᠡᠵᠢᠯ᠎ᠢᠶᠡᠷ ᠮᠣᠩᠭᠣᠯ ᠤᠯᠤᠰ᠎ᠤᠨ ᠰᠠᠯᠬᠢᠨᠬᠦᠴᠦᠨ᠎ᠦ ᠴᠠᠬᠢᠯᠭᠠᠨ᠎ᠤ ᠰᠠᠭᠤᠷᠢᠨ ᠎ᠢ ᠲᠣᠭᠣᠷᠢᠨ ᠦᠵᠡᠬᠦ ᠵᠡᠷᠭᠡ ᠪᠡᠷ ᠳᠠᠮᠵᠢᠨ 《ᠠᠷᠠᠳ᠎ᠤᠨ ᠰᠡᠳᠬᠢᠯ᠎ᠤᠨ ᠨᠡᠪᠲᠡᠷᠡᠯᠴᠡᠭᠡ》 ᠵᠢᠨᠨᠢᠭᠤᠴᠠ ᠲᠡᠮᠳᠡᠭ᠎ᠤᠨ ᠨᠠᠩ ᠭᠤᠢᠳᠠ ᠰᠠᠢᠬᠠᠨ ᠬᠠᠭᠤᠳᠠᠰᠤ᠎ᠵᠢ ᠤᠯᠵᠤ ᠬᠠᠷᠠᠬᠤ ᠪᠤᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄ ᠠᠷᠢᠭᠤᠨ᠎ᠠ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面