2022-06-01 10:36:18
ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠵᠢᠶᠠᠩ ᠱᠢᠶᠤᠤ ᠪᠦᠦ ᠢᠦᠢ ᠬᠠᠨ ᠱᠢᠤᠢ ᠱᠢᠤᠸᠠᠢ ᠢ
ᠨᠡᠷᠡᠨ᠎ᠦ ᠬᠡᠷᠡᠯ ᠳᠤᠤᠷᠠᠬᠢ ᠬᠥ᠋ ᠯᠠᠩ ᠢᠦᠶ ᠠᠷᠠᠯ ᠨᠢ ᠶᠠᠭ ᠯᠠ ᠳᠠᠷᠪᠠᠭᠤᠯᠬᠡᠢᠰᠭᠡᠬᠦ᠌ ᠲᠡᠯᠡᠶ᠎ᠶ᠋ᠢᠨ ᠣᠩᠭᠣᠴᠠ ᠱᠢᠭ᠋ ᠥᠪᠡᠷᠮᠢᠴᠡ ᠬᠡᠪ ᠨᠠᠮᠪᠠ᠎ᠲᠠᠶ ᠪᠠᠢᠵᠤ᠂ ᠦᠨᠢ ᠤᠳᠠᠭᠠᠨ ᠲᠡᠤᠬᠡ᠎ᠲᠠᠢ ᠪᠥᠭᠡᠳ ᠤᠷᠢ ᠵᠠᠯᠠᠭᠤ ᠪᠠᠢᠳᠠᠭ᠃ ᠳᠠᠯᠠᠢ᠎ᠶ᠋ᠢᠨ ᠳᠠᠪᠠᠯᠭᠠᠨ ᠬᠥ᠋ ᠯᠠᠩ ᠢᠦᠶ ᠠᠷᠠᠯ᠎ᠤᠨ ᠪᠣᠱᠣᠭ᠎ᠠ ᠬᠠᠳᠠᠶ᠋ᠢᠴᠣᠬᠢᠯᠠᠵᠤ᠂ ᠬᠡᠰᠡᠭ ᠬᠡᠰᠡᠭ ᠳᠠᠪᠠᠯᠭᠠᠨ ᠳᠠᠪᠠᠯᠭᠠᠯᠠᠨ᠂ᠡᠳᠦᠷ ᠰᠥᠨᠢ ᠦᠭᠡᠢ ᠡᠨᠡ ᠵᠢᠵᠢᠭ ᠠᠷᠠᠯ᠎ᠤᠨ ᠲᠤᠬᠠᠢ ᠳᠣᠮᠣᠭ᠍ᠲᠤ ᠳᠠᠭᠤᠤ᠎ᠶ᠋ᠢ ᠲᠠᠭᠤᠯᠠᠨ ᠳᠠᠭᠤᠯᠠᠭᠰᠠᠭᠠᠷ ᠡ᠃
ᠬᠦ᠋ ᠯᠠᠩ ᠢᠦᠢ ᠠᠷᠠᠯ᠎ᠤᠨ ᠲᠤᠮᠤᠭᠲᠤ ᠳᠠᠭᠤᠨ᠎ᠳᠤ ᠬᠤᠪᠢᠰᠤᠯ ᠤᠯᠠᠷᠢᠯᠲᠠ ᠠᠭᠤᠯᠤᠭᠳᠠᠵᠤ᠂ᠶᠡᠷᠦᠩᠬᠡᠢ ᠱᠦᠵᠢ ᠰᠢ ᠵᠢᠨ ᠫᠢᠩᠯᠤᠬᠡᠵᠢᠨ ᠮᠠᠷᠲᠠᠭ᠍ᠳᠠᠰᠢ ᠦᠭᠡᠢ ᠨᠢᠭᠡᠨ ᠦᠯᠢᠭᠡᠷ ᠪᠤᠢ᠃
ᠳᠡᠭᠡᠷ᠎ᠡ ᠵᠠᠭᠤᠨ᠎ᠤ ᠨᠠᠶᠠᠭᠠᠳ ᠣᠨ᠎ᠤ ᠡᠬᠢ᠎ᠪᠡᠷ᠂ ᠭᠦ᠋ ᠯᠠᠩ ᠢᠦᠢ ᠠᠷᠠᠯᠤᠨᠪᠠᠢᠳᠠᠯ ᠬᠥᠮᠦᠰ᠎ᠢ ᠰᠠᠨᠠᠭᠠᠱᠢᠷᠠᠭᠤᠯᠪᠠ᠄ ᠪᠠᠢᠭᠠᠯᠢᠶ᠋ᠢᠨᠦᠵᠡᠮᠵᠢ ᠱᠢᠬᠠᠭ᠍ᠳᠠᠨ ᠡᠵᠡᠯᠡᠭ᠌ᠳᠡᠵᠦ᠍᠂ ᠵᠠᠷᠢᠮ ᠰᠣᠶᠣᠯ ᠢᠷᠭᠡᠨᠱᠢᠯ᠎ᠦᠨ ᠦᠵᠡᠮᠵᠢ ᠨᠢ ᠲᠦᠭᠰᠢᠭᠦᠷᠢ᠎ᠳᠤ ᠲᠤᠯᠭᠠᠷᠠᠪᠠ᠃ᠠᠷᠠᠯ ᠳᠡᠭᠡᠷᠡᠬᠢ ᠤᠷᠤᠨ ᠨᠤᠲᠤᠭ᠎ᠦᠨ ᠴᠢᠨᠠᠷᠲᠠᠶ ᠨᠠᠶ᠋ᠮᠠᠨ ᠬᠦᠯᠢᠯ᠎ᠦᠨ ᠠᠰᠠᠷ᠎ᠢ ᠤᠳᠠᠭᠠᠨ ᠵᠢᠯ ᠵᠠᠰᠠᠭ᠍ᠰᠠᠨ᠎ᠦᠭᠡᠢ᠂ ᠡᠪᠳᠡᠷᠡᠵᠦ ᠰᠦᠢᠳᠴᠦ ᠠᠪᠬᠤ᠎ᠶ᠋ᠢᠨ ᠠᠷᠭ᠎ᠠ ᠦᠭᠡᠢ ᠪᠣᠯᠵᠠᠶ᠃
1986 ᠣᠨ᠎ᠳᠤ᠂ ᠲᠤᠬᠠᠢ᠎ᠶ᠋ᠢᠨ ᠦᠶ᠎ᠡ᠎ᠳᠦ ᠱᠢᠶᠠᠮᠧᠨ ᠬᠤᠳᠠᠶ᠋ᠢᠨᠨᠠᠮᠤᠨ ᠬᠣᠷᠢᠶᠠᠨ᠎ᠤ ᠪᠠᠢᠩᠭᠤ᠎ᠶ᠋ᠢᠨ ᠭᠡᠱᠢᠭᠦᠨ᠂ ᠳᠡᠳ᠋ ᠬᠤᠳᠠ᠎ᠶ᠋ᠢᠨ ᠳᠠᠷᠤᠭ᠎ᠠ ᠪᠠᠢᠭ᠍ᠰᠠᠨ ᠰᠢ ᠵᠢᠨ ᠫᠢᠩᠡᠨᠡ ᠬᠦ᠌ ᠪᠠᠢᠳᠠᠯ᠎ᠢ ᠮᠡᠳᠡᠭ᠌ᠰᠡᠨ᠎ᠦ ᠲᠠᠷᠠᠭ᠎ᠠ᠂ ᠳᠠᠷᠤᠢᠬᠠᠨ 30 ᠲᠦᠮᠡᠨ ᠲᠥᠭᠥᠷᠢᠭ ᠵᠣᠭᠣᠰ ᠪᠠᠭᠤᠯᠭᠠᠵᠤᠨᠠᠢ᠍ᠮᠠᠨ ᠬᠦᠯᠢᠯ᠎ᠦᠨ ᠠᠰᠠᠷ᠎ᠢ ᠰᠡᠯᠪᠢᠨ ᠵᠠᠰᠠᠬᠤ᠎ᠳᠤ ᠬᠡᠷᠡᠭ᠌ᠯᠡᠬᠦ᠌᠎ᠪᠡᠷ ᠲᠣᠭ᠍ᠲᠠᠵᠤ᠂ ᠪᠠᠴᠢᠮ ᠪᠠᠢᠳᠠᠯᠢᠱᠢᠢᠳᠪᠦᠷᠢᠯᠡᠪᠡ᠃
《ᠵᠠᠭᠤᠨ ᠵᠢᠯ᠎ᠦᠨ ᠪᠠᠷᠢᠯᠭ᠎ᠠ᠎ᠶ᠋ᠢᠨ ᠬᠤᠪᠢ ᠵᠠᠶᠠᠭ᠎ᠠ ᠡᠭᠦᠨ ᠡᠴᠡ ᠡᠬᠢᠯᠡᠨ ᠲᠤᠢᠯᠪᠤᠷᠢᠲᠠᠢᠡᠷᠭᠢᠯᠲᠡ ᠭᠠᠷᠪᠠ》᠃ ᠥᠩᠭᠡᠷᠡᠭ᠌ᠰᠡᠨ᠎ᠢᠶᠡᠨ ᠡᠷᠭᠢᠴᠡᠭᠦᠯᠬᠦᠶ᠎ᠡ᠂ ᠲᠤᠬᠠᠢᠶ᠋ᠢᠨᠦᠶᠡᠳᠦ ᠨᠠᠢ᠍ᠮᠠᠨ ᠬᠦᠯᠢᠯ᠎ᠦᠨ ᠠᠰᠠᠷ᠎ᠢ ᠰᠡᠯᠪᠢᠨ ᠵᠠᠰᠠᠬᠤ ᠠᠵᠢᠯ᠎ᠢ ᠡᠷᠬᠢᠯᠡᠵᠦ᠍ ᠪᠠᠢᠭ᠍ᠰᠠᠨ ᠭᠦᠩ ᠵᠢᠶᠧᠥᠪᠡᠷᠦᠨ ᠡᠷᠬᠡ ᠦᠭᠡᠢ ᠰᠡᠳᠭᠢᠯ ᠳᠣᠭ᠍ᠳᠣᠯᠤᠨᠠ᠃
ᠰᠡᠯᠪᠢᠨ ᠵᠠᠰᠠᠭ᠍ᠰᠠᠨ᠎ᠤ ᠳᠠᠷᠠᠭᠠᠬᠢ ᠨᠠᠢ᠍ᠮᠠᠨ ᠬᠦᠯᠢᠯ᠎ᠦᠨ ᠠᠰᠠᠷ ᠨᠢ ᠬᠥ᠋ᠯᠠᠩ ᠢᠦᠶ ᠠᠷᠠᠯ᠎ᠤᠨ ᠬᠠᠭᠤᠴᠢᠨ ᠵᠤᠰᠠᠯᠠᠩ᠎ᠤᠨ ᠬᠠᠭᠤᠴᠢᠨ ᠮᠠᠶᠢᠭ᠎ᠤᠨ ᠬᠡᠪ ᠳᠠᠭᠤᠷᠢᠶᠠᠯ ᠪᠣᠯᠤᠭ᠍ᠰᠠᠨᠢᠶᠠᠷᠪᠠᠷᠠᠬᠤ ᠦᠭᠡᠶ᠂ ᠪᠠᠰᠠ ᠬᠣᠵᠢᠮ᠎ᠤᠨ ᠳᠡᠯᠡᠬᠡᠶ᠎ᠶ᠋ᠢᠨ ᠰᠣᠶᠣᠯ᠎ᠤᠨ ᠥᠪ᠎ᠢ ᠭᠤᠶᠤᠴᠢᠯᠠᠨ ᠮᠡᠳᠡᠭᠦᠯᠬᠦ᠌ ᠭᠣᠣᠯᠡᠯᠧᠮᠧᠨ᠋ᠲᠦᠨ ᠨᠢᠭᠡ ᠪᠣᠯᠵᠤ᠂ ᠳᠡᠯᠡᠬᠡᠢ᠎ᠵᠢᠨ ᠦᠪ᠎ᠤᠨ ᠲᠤᠰᠭᠠᠶ ᠮᠡᠷᠭᠡᠵᠢᠯᠲᠡᠨ᠎ᠦ ᠵᠥᠪᠱᠢᠶᠡᠷᠡᠯ᠎ᠢ ᠣᠯᠤᠭ᠍ᠰᠠᠨᠪᠠᠢᠨᠠ᠃
ᠭᠦ᠋ ᠯᠠᠩ ᠢᠦᠢ ᠠᠷᠠᠯ ᠨᠢ ᠰᠢ ᠵᠢᠨ ᠫᠢᠩ᠎ᠦᠨ ᠰᠡᠳᠭᠢᠯ᠎ᠳᠦ ᠬᠦᠨᠳᠦ ᠴᠢᠬᠤᠯᠠᠪᠠᠢᠳᠠᠭ᠃
ᠱᠢᠶᠠᠮᠧᠨᠳᠦ ᠠᠵᠢᠯᠯᠠᠵᠤ ᠪᠠᠢᠬᠤ ᠬᠤᠭᠤᠴᠠᠭᠠᠨ᠎ᠳᠤ᠂ ᠰᠢ ᠵᠢᠨ ᠫᠢᠩ᠎ᠦᠨ ᠡᠷᠬᠢᠯᠡᠨᠨᠠᠢᠷᠠᠭᠤᠯᠤᠭ᠍ᠰᠠᠨ 《1985—2000 ᠣᠨᠤᠱᠢᠶᠠᠮᠧᠨᠦ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢᠨ ᠪᠠᠢᠯᠳᠤᠬᠤ ᠪᠤᠳᠤᠯᠭ᠎ᠠ》 ᠳ᠋ᠤ᠂ ᠣᠨᠴᠠᠭᠠᠢᠯᠠᠨ ᠳᠠᠭᠠᠯᠳᠤᠭᠤᠯᠤᠯ ᠬᠢᠵᠦ᠍᠂ ᠭᠦ᠋ ᠯᠠᠩ ᠢᠦᠢ ᠠᠷᠠᠯ᠎ᠤᠨ ᠦᠨ᠎ᠡ ᠦᠷᠳᠡᠭᠲᠦᠵᠠᠳᠠᠯᠤᠯᠲᠠ ᠬᠢᠪᠡ ᠄
《ᠮᠠᠨ᠎ᠤ ᠤᠯᠤᠰ᠎ᠤᠨ ᠬᠣᠲᠠ ᠪᠠ ᠦᠵᠡᠮᠵᠢ᠎ᠶ᠋ᠢᠨ ᠣᠷᠣᠨ᠎ᠤ ᠪᠥᠲᠥᠭᠡᠨ ᠪᠠᠢᠭᠤᠯᠤᠯᠲᠠ᠎ᠳᠤ᠂ᠪᠠᠢᠭᠠᠯᠢ᠎ᠶ᠋ᠢᠨ ᠦᠵᠡᠮᠵᠢ ᠪᠠ ᠰᠤᠶᠤᠯ ᠢᠷᠭᠡᠨᠰᠢᠯ᠎ᠦᠨ ᠦᠵᠡᠮᠵᠢ᠎ᠶ᠋ᠢ ᠮᠠᠰᠢ ᠡᠶ᠎ᠡ ᠵᠣᠬᠢᠴᠠᠯ᠎ᠲᠠᠶ᠎ᠪᠠᠷ ᠤᠶᠠᠯᠳᠤᠭᠤᠯᠵᠤᠴᠢᠳᠠᠬᠤ ᠨᠢ ᠴᠥᠭᠡᠨ ᠪᠠᠢᠬᠤ᠎ᠶ᠋ᠢ ᠪᠣᠳᠣᠯᠬᠢᠯᠠᠵᠤ᠂ ᠬᠥ᠋ ᠯᠠᠩ ᠢᠦᠶ ᠠᠷᠠᠯ᠎ᠢ ᠤᠯᠤᠰ᠎ᠤᠨ ᠨᠢᠭᠡᠨ ᠦᠨᠡᠲᠦ ᠡᠷᠳᠡᠨᠢᠭᠡᠵᠦ᠍ ᠦᠵᠡᠬᠦ᠌᠎ᠶ᠋ᠢᠨ ᠬᠠᠮᠲᠤ ᠡᠨᠡ ᠬᠦ᠌ ᠥᠨᠳᠥᠷᠴᠡ ᠡᠴᠡ ᠲᠡᠭᠦᠨ᠎ᠦ ᠪᠥᠲᠥᠭᠡᠨ ᠪᠠᠢᠭᠤᠯᠤᠯᠲᠠ ᠪᠠ ᠬᠠᠮᠠᠭᠠᠯᠠᠯᠲᠠᠶ᠋ᠢᠨᠢᠭᠡᠳᠦᠯᠲᠡᠶ ᠲᠥᠯᠥᠪᠵᠢᠭᠦᠯᠬᠦ᠌ ᠨᠢ ᠮᠠᠰᠢ ᠴᠢᠬᠤᠯᠠ ᠶᠤᠮ 》᠃
《ᠡᠭᠦᠨ᠎ᠡᠴᠡ ᠡᠬᠢᠯᠡᠨ᠂ ᠭᠦ᠋ ᠯᠠᠩ ᠢᠦᠢ ᠠᠷᠠᠯ᠎ᠢ ᠱᠢᠨᠵᠢᠯᠡᠬᠦ᠌ ᠤᠬᠠᠭᠠᠨᠴᠢ᠎ᠪᠠᠷ ᠬᠠᠮᠠᠭᠠᠯᠠᠬᠤᠱᠢᠨᠡ ᠲᠡᠦᠬᠡᠨ ᠶᠠᠪᠤᠴᠠ᠎ᠶ᠋ᠢ ᠡᠬᠢᠯᠡᠭᠦᠯᠵᠡᠢ》᠃ ᠲᠤᠬᠠᠢ᠎ᠶ᠋ᠢᠨ ᠦᠶᠡᠳᠦᠱᠢᠶᠠᠮᠧᠨ ᠬᠤᠳᠠ᠎ᠶ᠋ᠢᠨ ᠵᠢᠭᠤᠯᠴᠢᠯᠠᠯ᠎ᠤᠨ ᠲᠣᠪᠴᠢᠢ᠎ᠠ᠎ᠳᠤ ᠠᠵᠢᠯᠯᠠᠵᠤ ᠪᠠᠢᠭ᠍ᠰᠠᠨ᠂ ᠪᠠᠢᠯᠳᠤᠬᠤ ᠪᠤᠳᠤᠯᠭᠠᠶ᠋ᠢᠨᠣᠷᠣᠨ ᠲᠣᠭ᠎ᠠ᠎ᠶ᠋ᠢ ᠨᠠᠢᠷᠠᠭᠤᠯᠤᠨ ᠵᠣᠬᠢᠶᠠᠬᠤ᠎ᠳᠤ ᠣᠷᠣᠯᠴᠠᠭ᠍ᠰᠠᠨ ᠫᠸᠩ ᠢ ᠸᠠᠨ᠂ 《ᠬᠡᠪ ᠨᠠᠮᠪᠠ᠎ᠶ᠋ᠢᠨ ᠪᠠᠷᠢᠯᠭ᠎ᠠ᠎ᠳᠤ ᠯᠠ ᠬᠢᠵᠠᠭᠠᠷᠯᠠᠭ᠍ᠳᠠᠬᠤ ᠪᠢᠰᠢ᠂ ᠨᠡᠩ ᠴᠤ᠌ ᠪᠦᠬᠦ᠌ᠲᠠᠯᠠᠶ᠋ᠢᠨ ᠬᠠᠷᠡᠴᠡ᠎ᠪᠠᠷ ᠭᠦ᠋ ᠯᠠᠩ ᠢᠦᠢ ᠠᠷᠠᠯ᠎ᠢ ᠬᠠᠮᠠᠭᠠᠯᠠᠨ᠎ᠠ》 ᠭᠡᠪᠡ᠃
ᠲᠤᠬᠠᠶ ᠶ᠋ᠢᠨ ᠵᠢᠯ᠎ᠦᠨ ᠪᠠᠢᠯᠳᠤᠬᠤ ᠪᠣᠳᠣᠯᠭ᠎ᠠ᠎ᠶ᠋ᠢᠨ ᠲᠥᠯᠥᠪᠵᠢᠭᠦᠯᠭᠡ᠎ᠶ᠋ᠢ ᠵᠠᠯᠭᠠᠮᠵᠢᠯᠠᠵᠤ᠂ 《ᠱᠢᠶᠠᠮᠧᠨᠦ ᠠᠵᠤ ᠠᠬᠤᠶᠶ᠋ᠢᠨᠣᠨᠴᠠᠭᠠᠶ ᠣᠷᠣᠨ ᠬᠥ᠋ ᠯᠠᠩ ᠢᠦᠶ ᠠᠷᠠᠯ᠎ᠤᠨ ᠲᠡᠦᠬᠡ᠎ᠶ᠋ᠢᠨ ᠳᠦᠷᠰᠦ ᠪᠠᠢᠳᠠᠯ᠎ᠤᠨ ᠪᠠᠷᠢᠯᠭ᠎ᠠ᠎ᠶ᠋ᠢᠨ ᠬᠠᠮᠠᠭᠠᠯᠠᠯᠲᠠᠶ᠋ᠢᠨᠲᠦᠷᠢᠮ》 ᠵᠡᠷᠭᠡ ᠠᠯᠢ ᠣᠯᠠᠨ ᠬᠠᠤᠯᠢ ᠲᠣᠭ᠍ᠲᠠᠭᠠᠯ ᠠᠷᠭ᠎ᠠ ᠬᠡᠮᠵᠢᠶ᠎ᠡ᠎ᠨᠢ ᠴᠠᠭ᠎ᠤᠨ ᠠᠶ᠎ᠠ᠎ᠪᠠᠷ ᠪᠣᠶ ᠪᠣᠯᠵᠣ᠂ ᠪᠥᠬᠥ᠌ ᠠᠷᠠᠯ᠎ᠤᠨ ᠲᠡᠦᠬᠡ᠎ᠶ᠋ᠢᠨ ᠳᠦᠷᠰᠦ ᠪᠠᠢᠳᠠᠯ᠎ᠤᠨ ᠪᠠᠷᠢᠯᠭᠠᠪᠠ ᠡᠯ᠎ᠡ ᠱᠠᠲᠤᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠨᠢᠭᠡᠴᠢ᠎ᠶ᠋ᠢ ᠬᠠᠮᠠᠭᠠᠯᠠᠵᠤᠪᠠᠢᠨᠠ᠃
ᠬᠠᠮᠠᠭᠠᠯᠠᠬᠤ ᠳᠤᠮᠳᠠ ᠬᠥᠭ᠌ᠵᠢᠭᠦᠯᠵᠦ᠍᠂ ᠬᠥᠭ᠌ᠵᠢᠭᠦᠯᠬᠦ᠌ ᠳᠤᠮᠳᠠ ᠬᠠᠮᠠᠭᠠᠯᠠᠨ᠎ᠠ᠃
《ᠲᠡᠦᠬᠡ᠎ᠶ᠋ᠢᠨ ᠤᠯᠠᠨ ᠤᠯᠤᠰ᠎ᠤᠨ ᠨᠡᠢᠭᠡᠮ ᠲᠣᠭᠣᠷᠢᠭ》 ᠪᠣᠯᠤᠭ᠍ᠰᠠᠨ᠎ᠤ ᠬᠤᠪᠢ᠎ᠳᠤ᠂ ᠭᠦ᠋ ᠯᠠᠩ ᠢᠦᠢᠠᠷᠠᠯᠤᠨ ᠲᠡᠦᠬᠡ᠎ᠶ᠋ᠢᠨ ᠳᠤᠷᠠᠰᠭᠠᠯᠲᠤ ᠵᠦᠢᠯᠡᠰᠦᠨᠪᠠᠷᠢᠯᠭᠠ᠂ ᠡᠷᠲᠡᠨ᠎ᠦ ᠪᠠᠭᠤᠷᠢ ᠨᠢ ᠰᠣᠶᠣᠯ᠎ᠤᠨ ᠥᠪ ᠪᠣᠯᠬᠤ᠎ᠪᠠᠷ ᠪᠠᠷᠠᠬᠤ ᠦᠭᠡᠢ ᠪᠠᠰᠠ ᠮᠡᠳᠡᠷᠡᠵᠦ᠍ ᠬᠦᠷᠦᠯᠴᠡᠵᠦᠪᠣᠯᠬᠤ ᠠᠮᠢᠳᠤᠷᠠᠯ᠎ᠤᠨ ᠣᠷᠴᠢᠨ ᠲᠣᠭᠣᠷᠢᠨ᠎ᠢ ᠪᠦᠷᠢᠯᠳᠦᠭᠦᠯᠵᠡᠢ᠃
《ᠪᠠᠢᠭᠠᠯᠢ᠎ᠶ᠋ᠢᠨ ᠦᠵᠡᠮᠵᠢ ᠪᠣᠯᠤᠨ ᠬᠥᠮᠦᠨ ᠨᠡᠢᠭᠡᠮ᠎ᠦᠨ ᠦᠵᠡᠮᠵᠢ ᠨᠢᠭᠡ ᠯᠡ ᠠᠳᠠᠯᠢᠪᠠᠷᠬᠠᠮᠠᠭᠠᠯᠠᠭ᠍ᠳᠠᠵᠤ᠂ ᠬᠥ᠋ ᠯᠠᠩ ᠢᠦᠶ ᠠᠷᠠᠯ ᠵᠢᠩᠬᠢᠨᠢ᠎ᠪᠡᠷ 〈ᠠᠮᠢᠯᠠᠵᠤ〉 ᠡᠬᠢᠯᠡᠵᠡᠶ》 ᠭᠡᠵᠦ᠍ ᠭᠦ᠋ ᠯᠠᠩ ᠢᠦᠢ ᠠᠷᠠᠯ᠎ᠤᠨ ᠰᠣᠶᠣᠯ ᠵᠢᠭᠤᠯᠴᠢᠯᠠᠯ᠎ᠤᠨ ᠬᠥᠭ᠌ᠵᠢᠯᠲᠡ᠎ᠶ᠋ᠢᠨ ᠲᠥᠪᠦᠨᠬᠠᠷᠢᠭᠤᠴᠠᠯᠭᠠᠲᠠᠨ ᠵᠠᠩ ᠸᠧᠢ ᠱᠢᠨ ᠬᠡᠯᠡᠪᠡ᠃
ᠤᠳᠤ᠂ ᠭᠦ᠋ ᠯᠠᠩ ᠢᠦᠢ ᠠᠷᠠᠯ ᠳᠡᠭᠡᠷ᠎ᠡ ᠡᠯ᠎ᠡ ᠵᠦᠢᠯ᠎ᠦᠨ ᠤᠨᠴᠠᠯᠢᠬ᠍ᠳᠤ ᠭᠡᠷ᠎ᠪᠦᠯᠢ᠎ᠶ᠋ᠢᠨ ᠪᠠᠭᠤᠳᠠᠯ᠎ᠢ ᠴᠢᠮᠡᠭ᠌ᠯᠡᠵᠦ᠍᠂ ᠰᠣᠶᠣᠯ ᠤᠷᠠᠯᠢᠭ᠎ᠤᠨ ᠠᠵᠢᠯᠯᠠᠭ᠎ᠠ ᠪᠠᠶᠠᠯᠢᠭ ᠠᠭᠤᠯᠭ᠎ᠠ᠎ᠲᠠᠶ ᠶᠠᠪᠤᠭ᠍ᠳᠠᠵᠤᠪᠠᠢᠨᠠ;ᠬᠠᠭᠤᠴᠢᠨ ᠰᠠᠭᠤᠭᠠᠯᠢ ᠠᠷᠠᠳ ᠬᠡᠳᠦᠨ ᠵᠠᠭᠤᠨ ᠲᠥᠷᠥᠯ ᠤᠭ᠍ᠰᠠᠭ᠎ᠠ᠎ᠶ᠋ᠢᠨ ᠬᠠᠭᠤᠴᠢᠨᠬᠡᠷᠡᠯ ᠵᠢᠷᠤᠭ᠎ᠢ ᠡᠮᠬᠢᠯᠡᠨ ᠳᠡᠯᠭᠡᠨ ᠦᠵᠡᠭᠦᠯᠵᠦ᠍᠂ ᠵᠢᠭᠤᠯᠴᠢᠯᠠᠭ᠍ᠴᠢᠳ᠎ᠲᠤ ᠬᠥ᠋ ᠯᠠᠩ ᠢᠦᠶ ᠠᠷᠠᠯ᠎ᠤᠨ ᠲᠡᠦᠬᠡᠨᠥᠯᠢᠭᠡᠷᠢ ᠶᠠᠷᠢᠵᠤ ᠥᠭ᠌ᠭᠦᠨ᠎ᠠ; ᠨᠡᠢᠭᠡᠮ᠎ᠦᠨ ᠡᠯ᠎ᠡ ᠡᠲᠡᠭᠡᠳ᠎ᠦᠨ᠎ᠬᠢᠨ ᠥᠪᠡᠰᠦᠪᠡᠨ ᠮᠢᠩᠭ᠎ᠠ ᠭᠠᠷᠤᠢ ᠳᠡᠪᠲᠡᠷ ᠹᠦᠵᠢᠶᠠᠨ᠎ᠤ ᠡᠮᠦᠨᠡᠲᠦ ᠬᠡᠰᠡᠭ᠎ᠦᠨ ᠬᠥᠮᠦᠰ᠎ᠦᠨ ᠨᠣᠮ ᠪᠢᠴᠢᠭᠢᠴᠤᠭ᠍ᠯᠠᠭᠤᠯᠵᠤ᠂ ᠨᠣᠮ᠎ᠤᠨ ᠲᠠᠯᠠᠢ᠎ᠪᠡᠷ ᠥᠩᠭᠡᠷᠡᠭ᠌ᠰᠡᠨ ᠪᠠ ᠢᠷᠡᠭᠡᠳᠦᠢ᠎ᠶ᠋ᠢ ᠬᠣᠯᠪᠣᠨ᠎ᠠ ᠁
2017 ᠣᠨ᠎ᠤ 7 ᠰᠠᠷ᠎ᠠ᠎ᠳᠤ᠂ ᠭᠦ᠋ ᠯᠠᠩ ᠢᠦᠢ ᠠᠷᠠᠯ 《ᠳᠡᠯᠡᠬᠡᠢ᠎ᠶ᠋ᠢᠨ ᠥᠪ᠎ᠦᠨ ᠨᠡᠷᠡᠰ᠎ᠦᠨ ᠵᠢᠭ᠍ᠰᠠᠭᠠᠯᠲᠠ》 ᠳ᠋ᠤ ᠣᠷᠣᠪᠠ᠃
ᠶᠡᠷᠦᠩᠬᠡᠢ ᠱᠦᠵᠢ ᠰᠢ ᠵᠢᠨ ᠫᠢᠩ ᠄ 《ᠳᠡᠯᠡᠬᠡᠢ᠎ᠶᠢᠨ ᠥᠪ᠎ᠢᠶᠡᠷ ᠭᠤᠶᠤᠴᠢᠯᠠᠬᠤ ᠨᠢ ᠨᠡᠩ ᠰᠠᠢ᠌ᠨ ᠬᠠᠮᠠᠭᠠᠯᠠᠵᠤ ᠠᠱᠢᠭ᠍ᠯᠠᠬᠤᠶ᠋ᠢᠨᠲᠥᠯᠥᠭᠡ ᠶᠤᠮ᠂ ᠠᠮᠵᠢᠯᠲᠠ᠎ᠲᠠᠶ ᠲᠤᠷᠱᠢᠯᠭ᠎ᠠ᠎ᠪᠠᠨ ᠳ᠋ᠦᠩᠨᠡᠵᠦ᠍᠂ ᠤᠯᠠᠨ ᠤᠯᠤᠰ᠎ᠤᠨ ᠣᠢᠯᠠᠭᠠᠭ᠍ᠳᠠᠬᠤᠨᠢᠶᠠᠷᠲᠤᠯᠢ ᠪᠣᠯᠭᠠᠵᠤ᠂ ᠤᠷᠳᠤ ᠬᠤᠭᠤᠴᠠᠭᠠᠨ᠎ᠤ ᠪᠦᠲᠦᠮᠵᠢᠲᠡᠢ ᠲᠣᠭ᠍ᠲᠠᠴᠠ᠎ᠶ᠋ᠢ ᠪᠦᠷᠢᠨᠱᠢᠬᠦᠯᠵᠤ᠂ ᠡᠪᠦᠭᠡ ᠳᠡᠭᠡᠳᠦᠰᠦᠨᠦᠯᠡᠳᠡᠭᠡᠭ᠌ᠰᠡᠨ ᠰᠣᠶᠣᠯ᠎ᠤᠨ ᠥᠪ᠎ᠢ ᠰᠠᠢᠲᠤᠷ ᠬᠠᠮᠠᠭᠠᠯᠠᠵᠤ᠂ ᠲᠡᠦᠬᠡ ᠰᠣᠶᠣᠯ᠎ᠤᠨ ᠰᠤᠳᠠᠰᠤ᠎ᠶ᠋ᠢ ᠨᠡᠩ ᠰᠠᠢ᠌ᠨᠤᠯᠠᠮᠵᠢᠯᠠᠬᠤ ᠬᠡᠷᠡᠭ᠌ᠲᠡᠢ》ᠭᠡᠵᠦᠴᠢᠬᠤᠯᠠ ᠵᠢᠭᠠᠪᠤᠷᠢ ᠥᠭ᠌ᠪᠡ᠃
ᠲᠡᠭᠷᠢ ᠭᠠᠵᠠᠷ᠎ᠤᠨ ᠬᠣᠭᠣᠷᠣᠨᠳᠣ ᠨᠢᠭᠡᠨ ᠤᠯᠠᠭᠠᠨ ᠥᠩᠭᠡᠲᠡᠶ ᠬᠥᠩᠬᠥᠷ ᠣᠷᠣᠶᠲᠠᠶᠪᠠᠷᠢᠯᠭᠠ ᠮᠠᠰᠢ ᠰᠦᠷᠯᠢᠭ ᠰᠠᠢᠬᠠᠨ ᠬᠠᠷᠠᠭᠳᠠᠨ᠎ᠠ᠃ ᠬᠥ᠋ ᠯᠠᠩ ᠢᠦᠶ ᠠᠷᠠᠯ᠎ᠤᠨ ᠨᠠᠶ᠋ᠮᠠᠨ ᠬᠦᠯᠢᠯ᠎ᠦᠨ ᠠᠰᠠᠷ᠎ᠨᠢ ᠤᠯᠤᠰ᠎ᠤᠨ ᠳᠣᠲᠣᠭᠠᠳᠤ᠎ᠶ᠋ᠢᠨ ᠴᠣᠷ᠎ᠤᠨ ᠭᠠᠭ᠍ᠴᠠ ᠤᠷᠭᠠᠨ ᠮᠦᠽᠧᠶ ᠪᠣᠯᠤᠭ᠍ᠰᠠᠨ᠎ᠤ ᠬᠤᠪᠢ᠎ᠳᠤ᠂ ᠵᠢᠯ ᠪᠦᠷᠢᠡᠯᠡ ᠲᠥᠷᠥᠯ᠎ᠦᠨ ᠳᠠᠭᠤᠤ ᠬᠥᠭ᠌ᠵᠢᠮ᠎ᠦᠨ ᠭᠤᠤᠯ ᠰᠡᠳᠦᠪᠲᠦ ᠠᠵᠢᠯᠯᠠᠭ᠎ᠠ᠎ᠶ᠋ᠢ ᠵᠣᠬᠢᠶᠠᠨ ᠪᠠᠢᠭᠤᠯᠵᠤ᠂ ᠳᠡᠯᠡᠬᠡᠶᠶ᠋ᠢᠨᠡᠯᠡ ᠭᠠᠵᠠᠷ᠎ᠤᠨ ᠬᠥᠮᠦᠰ᠎ᠦᠨ ᠠᠩᠬᠠᠷᠤᠯ᠎ᠢ ᠲᠠᠲᠠᠵᠤ ᠪᠠᠢᠨ᠎ᠠ᠃
《ᠡᠨᠡ ᠬᠦ᠌ ᠵᠢᠵᠢᠭ ᠠᠷᠠᠯ᠎ᠤᠨ ᠥᠨᠭᠭᠡᠷᠡᠭᠰᠡᠨ ᠲᠡᠦᠬᠡᠨ᠎ᠳᠤ ᠳᠡᠯᠡᠬᠡᠶ᠎ᠶ᠋ᠢᠨ ᠡᠯ᠎ᠡᠭᠠᠵᠠᠷ᠎ᠤᠨ ᠣᠯᠠᠨ ᠡᠱᠢᠲᠦ ᠰᠣᠶᠣᠯ᠎ᠢ ᠠᠭᠤᠰᠭᠠᠭ᠍ᠰᠠᠨ ᠶᠤᠮ᠂ ᠲᠡᠭᠦᠨ᠎ᠦ ᠥᠨᠥᠳᠥᠷ ᠯᠠᠪᠲᠠᠶ ᠱᠢᠯᠢᠳᠡᠭ ᠰᠣᠶᠣᠯᠢᠰᠠᠢᠲᠤᠷ ᠬᠠᠮᠠᠭᠠᠯᠠᠵᠤ᠂ ᠰᠠᠢᠲᠤᠷ ᠤᠯᠠᠮᠵᠢᠯᠠᠵᠤ ᠴᠢᠳᠠᠬᠤ ᠶᠤᠮ》 ᠭᠡᠵᠦ᠍ᠤᠷᠭᠠᠨ ᠮᠦᠽᠧᠶ᠎ᠶ᠋ᠢᠨ ᠳᠠᠷᠤᠭ᠎ᠠ ᠹᠠᠩ ᠰᠧ ᠲᠧ ᠬᠡᠯᠡᠪᠡ᠃
ᠣᠳᠣ ᠬᠦ ᠯᠠᠩ ᠢᠦᠶ ᠠᠷᠠᠯ ᠳᠡᠭᠡᠷ᠎ᠡ ᠭᠠᠷᠤᠭ᠍ᠰᠠᠨ ᠮᠠᠰᠢ ᠣᠯᠠᠨ ᠬᠥᠮᠦᠰ ᠴᠥᠮᠲᠡᠭᠦᠨᠦ 《ᠪᠠᠢᠭᠠᠯᠢ᠎ᠶ᠋ᠢᠨ ᠦᠵᠡᠮᠵᠢ ᠪᠣᠯᠤᠨ ᠬᠥᠮᠦᠨ ᠰᠣᠶᠣᠯ᠎ᠤᠨ ᠦᠵᠡᠮᠵᠢ᠎ᠶ᠋ᠢ ᠮᠠᠰᠢ ᠡᠶ᠎ᠡ ᠵᠣᠬᠢᠴᠠᠯ᠎ᠲᠠᠶ᠎ᠪᠠᠷ ᠤᠶᠠᠯᠳᠤᠭᠤᠯᠵᠤ ᠴᠢᠳᠠᠭᠰᠠᠨ》 ᠰᠣᠶᠣᠯ᠎ᠤᠨ ᠨᠥᠯᠥᠭᠡᠨᠳᠤᠰᠣᠭ᠍ᠲᠣᠭᠤᠷᠠᠵᠤ᠂ ᠥᠪᠡᠷ᠎ᠦᠨ ᠡᠷᠬᠡ ᠦᠭᠡᠶ ᠭᠠᠢᠬᠠᠰᠢ ᠠᠯᠳᠠᠵᠤ᠂ ᠨᠢᠭᠡᠨᠲᠡ ᠳᠡᠯᠡᠬᠡᠶ᠎ᠶ᠋ᠢᠨ ᠥᠪ ᠪᠣᠯᠤᠭ᠍ᠰᠠᠨᠳᠤᠮᠳᠠᠳᠤ ᠤᠯᠤᠰ᠎ᠤᠨ ᠰᠣᠶᠣᠯ᠎ᠤᠨ ᠨᠡᠷ᠎ᠡ᠎ᠶ᠋ᠢᠨ ᠬᠠᠭᠤᠳᠠᠰᠤ᠎ᠶ᠋ᠢᠨ ᠠᠷᠤ᠎ᠳᠠᠬᠢ ᠭᠦᠨ ᠭᠦᠨᠵᠡᠭᠡᠶ ᠰᠣᠶᠣᠯᠤᠨᠠᠭᠤᠯᠬᠤᠨᠢ ᠡᠷᠭᠢᠴᠡᠭᠦᠯᠳᠡᠭ ᠪᠤᠯᠵᠠᠢ᠃
ᠤᠳᠠᠭᠠᠨ ᠵᠢᠯ᠎ᠦᠨ ᠡᠷᠭᠢᠴᠡᠭᠦᠯᠦᠯ ᠳᠤᠮᠳᠠ᠂ ᠶᠡᠷᠦᠩᠬᠡᠢ ᠱᠦᠵᠢ ᠰᠢ ᠵᠢᠨ ᠫᠢᠩᠦᠨᠡᠨᠡ ᠬᠦ᠌ ᠦᠭᠡ ᠨᠢ ᠭᠦᠨ ᠭᠦᠨᠵᠡᠭᠡᠢ ᠤᠳᠭ᠎ᠠ ᠠᠭᠤᠯᠭ᠎ᠠ᠎ᠲᠠᠶ ᠶᠤᠮ —
《ᠲᠡᠦᠬᠡᠨ᠎ᠳᠦ ᠬᠠᠷᠢᠭᠤᠴᠠᠬᠤ᠂ ᠠᠷᠠᠳ ᠲᠦᠮᠡᠨ᠎ᠳᠦ ᠬᠠᠷᠢᠭᠤᠴᠠᠬᠤ ᠵᠣᠷᠢᠭ ᠰᠠᠨᠠᠭ᠎ᠠ᠎ᠪᠠᠷ᠂ᠲᠡᠦᠬᠡ ᠰᠣᠶᠣᠯ᠎ᠤᠨ ᠰᠤᠳᠠᠰᠤ᠎ᠶ᠋ᠢ ᠵᠠᠯᠭᠠᠮᠵᠢᠯᠠᠵᠤ᠂ ᠬᠤᠳᠠ᠎ᠶ᠋ᠢ ᠥᠭᠡᠷᠡᠴᠢᠯᠡᠵᠦ᠍ ᠨᠡᠭᠡᠭᠡᠨ ᠬᠥᠭ᠌ᠵᠢᠭᠦᠯᠬᠦ᠌ᠪᠠ ᠲᠡᠦᠬᠡ ᠰᠣᠶᠣᠯ᠎ᠤᠨ ᠥᠪ᠎ᠢ ᠬᠠᠮᠠᠭᠠᠯᠠᠵᠤ ᠠᠱᠢᠭ᠍ᠯᠠᠬᠤ᠎ᠶ᠋ᠢᠨ ᠬᠠᠷᠢᠴᠠᠭ᠎ᠠ᠎ᠶ᠋ᠢ ᠰᠠᠢᠲᠤᠷ ᠱᠢᠢᠳᠪᠦᠷᠢᠯᠡᠵᠦ᠍᠂ᠬᠠᠮᠠᠭᠠᠯᠠᠬᠤ ᠳᠤᠮᠳᠠ ᠬᠥᠭ᠌ᠵᠢᠭᠦᠯᠵᠦ᠍᠂ ᠬᠥᠭ᠌ᠵᠢᠭᠦᠯᠬᠦ᠌ ᠳᠤᠮᠳᠠ ᠬᠠᠮᠠᠭᠠᠯᠠᠬᠤ᠎ᠶ᠋ᠢ ᠦᠨᠡᠨ ᠬᠦ᠌ ᠪᠡᠶᠡᠯᠡᠭᠦᠯᠬᠦ᠌ᠬᠡᠷᠡᠭ᠌ᠲᠡᠢ》᠃
( ᠱᠢᠨᠬᠤᠸᠠ ᠬᠣᠷᠢᠶᠠᠨ᠎ᠤ ᠪᠡᠭᠡᠵᠢᠩ᠎ᠦᠨ5 ᠰᠠᠷ᠎ᠠ᠎ᠶ᠋ᠢᠨ 29 ᠤ᠋ ᠴᠠᠬᠢᠯᠭᠠᠨ ᠮᠡᠳᠡᠭᠡ )
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃