ᠰᠣᠶᠣᠯ ᠤᠷᠠᠯᠢᠭ > ᠰᠢ ᠵᠢᠨ ᠫᠢᠨᠭ᠎ᠦ᠋ᠨ ᠰᠣᠶᠣᠯ᠎ᠤ᠋ᠨ ᠬᠠᠢᠷ᠎ᠠ ᠰᠡᠳᠭᠢᠯᠭᠡ

2022-06-04 21:46:57

ᠵᠣᠬᠢᠶᠠᠭ᠍ᠴᠢ᠄ ᠵᠧᠦ ᠸᠧᠢ ᠸᠠᠩ ᠴᠢᠦ ᠶᠦᠨ ᠣᠩᠱᠢᠭ᠍ᠰᠠᠨ ᠣᠳᠠᠭ᠎ᠠ᠄ 3

ᠦᠬᠡᠷ᠎ᠦᠨ ᠠᠷᠠᠰᠤᠨ ᠭᠠᠳᠠᠷ ᠬᠠᠪᠢᠰᠤ᠎ᠲᠠᠶ᠂ ᠪᠢᠴᠢᠭ᠎ᠤᠨ ᠨᠡᠬᠡᠬᠡᠯᠭᠡ᠎ᠵᠢ ᠤᠯᠠᠭᠠᠨ ᠥᠨᠭᠭᠡ᠎ᠪᠡᠷ ᠪᠤᠳᠤᠭᠯᠠᠭᠰᠠᠨ ᠡᠨᠡ ᠨᠤᠮ ᠪᠤᠯ ᠹᠷᠠᠨᠼᠢ᠎ᠶ᠋ᠢᠨ ᠰᠡᠬᠡᠭᠡᠷᠡᠭᠦᠯᠬᠦ᠌ ᠦᠶ᠎ᠡ᠎ᠶ᠋ᠢᠨ ᠨᠣᠮ ᠪᠢᠴᠢᠭ᠎ᠦᠨ ᠴᠢᠮᠡᠭ᠌ᠯᠡᠯ᠎ᠦᠨ ᠣᠨᠴᠠᠯᠢᠭ ᠪᠥᠬᠥᠶ ᠬᠣᠪᠣᠷ ᠨᠠᠨᠳᠢᠨ ᠰᠤᠳᠤᠷ ᠪᠢᠴᠢᠭ᠂ ᠲᠡᠭᠦᠨ᠎ᠤ ᠲᠡᠮᠳᠡᠭ᠌ᠯᠡᠭ᠌ᠰᠡᠨ ᠠᠭᠤᠯᠭ᠎ᠠ ᠨᠢ 2000 ᠭᠠᠷᠤᠶ ᠵᠢᠯ᠎ᠦᠨ ᠡᠮᠦᠨᠡᠬᠢ ᠳᠤᠮᠳᠠᠳᠤ ᠤᠯᠤᠰ᠎ᠤᠨ ᠤᠯᠤᠰ ᠲᠥᠷᠥ᠎ᠶ᠋ᠢᠨ ᠵᠣᠷᠢᠯᠲᠠ᠂ ᠡᠰᠢ ᠶᠤᠰᠤᠨ᠎ᠤ ᠦᠵᠡᠯ ᠰᠠᠨᠠᠭ᠎ᠠ᠂ ᠶᠣᠰᠣ ᠰᠤᠷᠲᠠᠬᠤᠨ᠎ᠤ ᠦᠵᠡᠯᠲᠡ ᠪᠣᠯᠤᠨ᠎ᠠ᠃

ᠲᠤᠰ ᠨᠣᠮ᠎ᠤᠨ ᠪᠣᠷᠣ ᠬᠠᠪᠢᠰᠤ᠎ᠶ᠋ᠢ ᠰᠡᠬᠦᠬᠦᠶ᠎ᠡ᠂ ᠳᠣᠲᠣᠷ᠎ᠠ ᠨᠢᠭᠤᠷ ᠳᠡᠭᠡᠷ᠎ᠡ ᠨᠢ ᠰᠤᠯᠠᠬᠠᠨ ᠦᠰᠦᠭ᠎ᠦᠨ ᠤᠷᠤᠮ᠎ᠲᠠᠶ ᠪᠠᠢᠵᠤ᠂ ᠵᠣᠬᠢᠶᠠᠭ᠍ᠴᠢ ᠹᠷᠠᠩᠰᠤᠸᠠ·ᠪᠸᠨᠢᠶ᠍ᠸ《ᠤᠩᠱᠢᠭ᠍ᠴᠢᠳ᠎ᠲᠤ》ᠭᠡᠬᠦ᠌ ᠡᠬᠢᠯᠡᠯᠲᠡ᠎ᠶ᠋ᠢᠨ ᠵᠣᠬᠢᠶᠠᠯ᠎ᠳᠠᠭᠠᠨ᠂ ᠲᠤᠰ ᠨᠣᠮ ᠪᠣᠯ 《ᠺᠦᠩᠽᠢ᠎ᠵᠢ ᠤᠢᠯᠠᠭᠠᠬᠤ ᠲᠦᠯᠬᠢᠭᠦᠷ ᠪᠣᠯᠤᠨ ᠠᠩᠬ᠎ᠠ ᠰᠤᠷᠬᠤ ᠪᠢᠴᠢᠭ ᠪᠣᠯᠤᠨ᠎ᠠ》 ᠭᠡᠵᠦ᠍ ᠪᠢᠴᠢᠵᠡᠢ᠃

ᠡᠨᠡ ᠹᠷᠠᠨᠼᠢ ᠬᠡᠯᠡᠨ᠎ᠦ ᠬᠡᠪᠯᠡᠯ᠎ᠦᠨ 《ᠰᠢᠭᠦᠮᠵᠢᠯᠡᠯ ᠥᠭᠦᠯᠡᠯ᠎ᠤᠨ ᠤᠳᠤᠷᠢᠳᠬᠠᠯ》 ᠪᠣᠯ ᠨᠢᠭᠡ ᠬᠤᠪᠢ ᠤᠯᠤᠰ᠎ᠤᠨ ᠪᠡᠯᠡᠭ ᠪᠤᠯᠤᠨ᠎ᠠ᠃

2019 ᠣᠨ᠎ᠤ 3 ᠰᠠᠷ᠎ᠠ᠎ᠶ᠋ᠢᠨ 24 ᠎ᠤ᠋ ᠡᠳᠦᠷ᠂ ᠤᠯᠤᠰ᠎ᠤᠨ ᠲᠡᠷᠢᠭᠦᠯᠡᠭ᠌ᠴᠢ ᠰᠢ ᠵᠢᠨ ᠫᠢᠩ ᠹᠷᠠᠨᠼᠢ᠎ᠶ᠋ᠢᠨ ᠨᠢᠰ᠎ᠲᠦ ᠹᠷᠠᠨᠼᠢ᠎ᠶ᠋ᠢᠨ ᠶᠡᠷᠦᠩᠬᠡᠢᠯᠡᠭ᠌ᠴᠢ ᠮᠠᠺᠷᠤᠨ᠎ᠲᠠᠢ ᠠᠭᠤᠯᠵᠠᠪᠠ᠃

ᠮᠠᠺᠷᠤᠨ ᠤᠷᠢᠳ᠎ᠢᠶᠠᠷ ᠰᠢ ᠵᠢᠨ ᠫᠢᠩ᠎ᠢ ᠵᠣᠴᠢᠯᠠᠬᠤ ᠲᠢᠩᠬᠢᠮ᠎ᠳᠦ ᠤᠷᠢᠪᠠ᠃ 《ᠡᠭᠦᠨ᠎ᠢ ᠹᠷᠠᠨᠼᠢ᠎ᠶ᠋ᠢᠨ ᠨᠢᠭᠡᠨ ᠬᠢᠲᠠᠳ ᠰᠤᠳᠤᠯᠤᠯ᠎ᠤᠨ ᠡᠷᠳᠡᠮᠲᠡᠨ ᠪᠢᠳᠡᠨ᠎ᠢ ᠬᠠᠪᠰᠤᠷᠴᠤ᠌ ᠣᠯᠵᠤ ᠥᠭ᠌ᠭᠦᠭ᠌ᠰᠡᠨ ᠶᠤᠮ》᠃ ᠲᠡᠷᠡ ᠮᠠᠰᠢ ᠬᠢᠴᠢᠶᠡᠮᠵᠢᠳᠠᠢ ᠪᠡᠷ ᠱᠢᠷᠡᠭᠡᠨ ᠳᠡᠭᠡᠷᠡᠬᠢ ᠨᠢᠭᠡ ᠨᠣᠮ᠎ᠢ ᠠᠪᠴᠤ᠌᠂ ᠨᠢᠭᠤᠷ ᠳᠦᠭᠦᠷᠡᠩ ᠣᠮᠣᠭ᠍ᠰᠢᠯᠲᠠᠢ᠎ᠪᠠᠷ᠄ 《ᠡᠨᠡ ᠨᠣᠮ ᠪᠣᠯ 1688 ᠣᠨ ᠎ᠳᠤ ᠬᠡᠪᠯᠡᠭ᠌ᠳᠡᠭ᠌ᠰᠡᠨ᠂ ᠠᠩᠬᠠᠳᠠᠭ᠍ᠴᠢ 〈ᠰᠢᠭᠦᠮᠵᠢᠯᠡᠯ ᠥᠭᠦᠯᠡᠯ᠎ᠤᠨ ᠤᠳᠤᠷᠢᠳᠬᠠᠯ〉 ᠤ᠋ᠨ ᠹᠷᠠᠨᠼᠢ ᠬᠡᠯᠡᠨ᠎ᠦ ᠬᠡᠪᠯᠡᠯ᠎ᠦᠨ ᠤᠤᠭᠠᠯ ᠪᠦᠲᠦᠭᠡᠯ ᠪᠣᠯᠤᠨ᠎ᠠ》 ᠭᠡᠪᠡ᠃

《ᠸᠤᠯᠲ᠋ᠠᠢ᠂ ᠮᠸᠨᠲᠸᠰᠺᠸᠦ ᠪᠦᠷ ᠺᠦᠩᠽᠢ᠎ᠶ᠋ᠢᠨ ᠦᠵᠡᠯ ᠰᠠᠨᠠᠭᠠᠨ᠎ᠤ ᠨᠥᠯᠥᠭᠡ᠎ᠶ᠋ᠢ ᠭᠦᠨ ᠬᠦᠷᠳᠡᠪᠡ》᠃ ᠶᠡᠷᠦᠩᠬᠡᠢᠯᠡᠭ᠌ᠴᠢ ᠮᠠᠺᠷᠤᠨ᠎ᠤ ᠲᠠᠨᠢᠯᠴᠠᠭᠤᠯᠤᠭ᠍ᠰᠠᠨ᠎ᠢ ᠰᠤᠨᠤᠰᠤᠭᠠᠳ᠂ ᠲᠡᠷᠢᠭᠦᠯᠡᠭ᠌ᠴᠢ ᠰᠢ ᠵᠢᠨ ᠫᠢᠩ᠄ 《ᠡᠨᠡ ᠬᠦ᠌ ᠪᠡᠯᠡᠭ ᠮᠠᠰᠢ ᠬᠣᠪᠣᠷ ᠨᠠᠨᠳᠢᠨ᠂ ᠪᠢ ᠡᠭᠦᠨ᠎ᠢ ᠳᠤᠮᠳᠠᠳᠤ ᠤᠯᠤᠰ᠎ᠤᠨ ᠤᠯᠤᠰ᠎ᠤᠨ ᠨᠣᠮ᠎ᠤᠨ ᠰᠠᠩ᠎ᠳᠤ ᠠᠪᠠᠴᠢᠵᠤ ᠬᠠᠳᠠᠭᠠᠯᠠᠨ᠎ᠠ》 ᠭᠡᠵᠦ ᠬᠡᠯᠡᠪᠡ᠃

ᠡᠨᠡ ᠬᠦ᠌ ᠤᠯᠤᠰ᠎ᠤᠨ ᠪᠡᠯᠡᠭ᠎ᠤᠨ ᠰᠤᠨᠭᠭᠤᠯᠲᠠ ᠪᠤᠯ ᠹᠷᠠᠨᠼᠢ᠎ᠶ᠋ᠢᠨ ᠤᠯᠤᠰ᠎ᠡᠴᠡ ᠪᠠᠢᠭᠤᠯᠤᠭ᠍ᠰᠠᠨ ᠵᠢᠶ ᠮᠧᠶ ᠠᠽᠢᠶ᠎ᠠ᠎ᠶ᠋ᠢᠨ ᠤᠷᠠᠯᠢᠭ᠎ᠤᠨ ᠮᠦᠽᠧᠶ᠎ᠶ᠋ᠢᠨ ᠳᠠᠷᠤᠭ᠎ᠠ᠎ᠶᠢᠨ ᠭᠠᠷᠭᠠᠭᠰᠠᠨ ᠳᠤᠷᠠᠳᠤᠯᠭ᠎ᠠ ᠪᠤᠯᠤᠨ᠎ᠠ᠃ ᠵᠢᠢ ᠮᠧᠢ ᠮᠦᠽᠧᠢ᠎ᠶ᠋ᠢᠨ ᠨᠣᠮ᠎ᠤᠨ ᠰᠠᠩ᠎ᠤᠨ ᠡᠷᠬᠢᠯᠡᠭ᠌ᠴᠢ ᠺᠸᠯᠢᠰᠲ᠋ᠢᠨᠠ·ᠺᠸᠯᠠᠮᠸᠯᠦᠸᠸᠲ᠋ᠢ᠂ ᠡᠭᠦᠨ᠎ᠢᠶᠡᠷ ᠤᠯᠤᠰ᠎ᠤᠨ ᠪᠡᠯᠡᠭ ᠪᠣᠯᠭᠠᠵᠤ᠂ ᠬᠣᠶᠠᠷ ᠤᠯᠤᠰ᠎ᠤᠨ ᠥᠨᠢ ᠤᠳᠠᠭᠠᠨ ᠲᠡᠦᠬᠡ᠎ᠲᠡᠶ ᠨᠥᠬᠥᠷᠰᠡᠭ ᠬᠠᠷᠢᠯᠴᠠᠭ᠎ᠠ᠎ᠶ᠋ᠢ ᠨᠠᠷᠢᠯᠢᠭ ᠬᠠᠷᠠᠭᠤᠯᠪᠠ ᠭᠡᠵᠦ᠍ ᠬᠡᠯᠡᠪᠡ᠃

ᠳᠠᠷᠠᠭ᠎ᠠ ᠨᠢ᠂ ᠡᠨᠡ ᠬᠦ᠌ ᠬᠣᠪᠣᠷ ᠨᠠᠨᠳᠢᠨ ᠰᠤᠳᠤᠷ ᠪᠢᠴᠢᠭ ᠠᠯᠤᠰ ᠬᠣᠯᠠ᠎ᠡᠴᠡ ᠲᠡᠭᠦᠨ᠎ᠦ ᠦᠵᠡᠯ ᠰᠠᠨᠠᠭᠠᠨ᠎ᠤ ᠡᠭᠦᠰᠦᠯ ᠨᠤᠲᠤᠭ᠎ᠲᠠᠭᠠᠨ ᠪᠤᠴᠠᠨ ᠢᠷᠡᠪᠡ᠃ ᠳᠤᠮᠳᠠᠳᠤ ᠤᠯᠤᠰ᠎ᠤᠨ ᠤᠯᠤᠰ᠎ᠤᠨ ᠨᠣᠮ᠎ᠤᠨ ᠰᠠᠩ ᠰᠤᠳᠤᠷ ᠬᠠᠳᠠᠭᠠᠯᠠᠬᠤ ᠶᠣᠰᠣᠯᠠᠯ ᠶᠠᠪᠤᠭᠤᠯᠵᠤ᠂ ᠤᠯᠤᠰ᠎ᠤᠨ ᠲᠡᠷᠢᠭᠦᠨ᠎ᠦ ᠭᠠᠳᠠᠭᠠᠳᠤ ᠬᠠᠷᠢᠯᠴᠠᠭ᠎ᠠ᠎ᠪᠠᠷ ᠰᠣᠶᠣᠯ᠎ᠤᠨ ᠰᠣᠯᠢᠯᠴᠠᠭ᠎ᠠ᠎ᠶ᠋ᠢ ᠬᠦᠳᠦᠯᠦᠨ ᠳᠠᠭᠠᠭᠤᠯᠤᠭ᠍ᠰᠠᠨ ᠲᠠᠭᠤᠷᠢᠰᠬᠠᠯ᠎ᠢ ᠦᠷᠭᠦᠯᠵᠢᠯᠡᠨ ᠪᠢᠴᠢᠭ᠌ᠯᠡᠪᠡ —

ᠳᠤᠮᠳᠠᠳᠤ ᠤᠯᠤᠰ᠎ᠤᠨ ᠤᠯᠠᠮᠵᠢᠯᠠᠯᠲᠤ ᠰᠣᠶᠣᠯ᠎ᠤᠨ ᠰᠣᠩᠭᠣᠳᠠᠭ ᠪᠦᠲᠦᠭᠡᠯ ᠪᠣᠯᠤᠭ᠍ᠰᠠᠨ᠎ᠤ ᠬᠤᠪᠢ᠎ᠳᠤ᠂ 《ᠱᠢᠭᠦᠮᠵᠢᠯᠡᠯ ᠥᠭᠦᠯᠡᠯ》 ᠠᠯᠢ ᠡᠷᠲᠡ 17 ᠳ᠋ᠤᠭᠠᠷ ᠵᠠᠭᠤᠨ᠎ᠳᠤ ᠨᠢᠭᠡᠨᠲᠡ ᠧᠦ᠋ᠷᠣᠫᠠ ᠲᠢᠪ᠎ᠲᠦ ᠤᠯᠠᠮᠵᠢᠯᠠᠭ᠍ᠳᠠᠨ ᠣᠷᠣᠪᠠ᠃ ᠴᠥᠭᠡᠨ ᠪᠤᠰᠤ ᠡᠷᠳᠡᠮᠲᠡᠨ ᠺᠦᠩᠽᠢ ᠪᠣᠯᠤᠨ ᠰᠤᠺᠷᠠᠲ᠋ᠸ᠋ᠰ᠎ᠢ ᠠᠳᠠᠯᠢᠳᠬᠠᠨ ᠦᠵᠡᠳᠡᠭ᠃

《〈ᠱᠢᠭᠦᠮᠵᠢᠯᠡᠯ ᠥᠭᠦᠯᠡᠯ〉᠎ᠤ᠋ᠨ ᠡᠯᠪᠡᠭ ᠪᠠᠶᠠᠯᠢᠭ ᠦᠵᠡᠯ ᠰᠠᠨᠠᠭᠠᠨ᠎ᠤ ᠠᠭᠤᠯᠤᠭ᠍ᠳᠠᠬᠤᠨ ᠵᠢᠴᠢ ᠲᠡᠭᠦᠨ᠎ᠦ ᠲᠥᠯᠥᠭᠡᠯᠡᠭ᠌ᠰᠡᠨ ᠳᠣᠷᠣᠨᠠᠳᠠᠬᠢᠨ᠎ᠤ ᠪᠣᠯᠪᠠᠰᠤᠨ᠎ᠤ ᠶᠢᠷᠲᠢᠨᠴᠦ᠍ ᠶ᠋ᠢᠨ ᠦᠵᠡᠯᠲᠡ ᠪᠠ ᠭᠦᠨ ᠤᠬᠠᠭᠠᠨ᠎ᠤ ᠱᠢᠰᠲ᠋ᠧᠮ ᠨᠢ ᠨᠡᠩ ᠤᠯᠠᠨ ᠧᠦ᠋ᠷᠣᠫᠠ ᠲᠢᠪ᠎ᠦᠨ ᠡᠷᠳᠡᠮᠲᠡᠳ᠎ᠲᠦ ᠳᠤᠮᠳᠠᠳᠤ᠎ᠶ᠋ᠢᠨ ᠪᠣᠯᠪᠠᠰᠤᠨ᠎ᠤ ᠠᠭᠤᠤ ᠶᠡᠬᠡ ᠎ᠵᠢ ᠳᠡᠯᠭᠡᠨ ᠦᠵᠡᠭᠦᠯᠪᠡ》᠃ ᠳᠤᠮᠳᠠᠳᠤ ᠤᠯᠤᠰ᠎ᠤᠨ ᠤᠯᠤᠰ᠎ᠤᠨ ᠨᠣᠮ᠎ᠤᠨ ᠰᠠᠩ᠎ᠤᠨ ᠳᠠᠷᠤᠭ᠎ᠠ ᠱᠢᠶᠦ᠋ᠩ ᠶᠤᠸᠠᠨ ᠮᠢᠩ᠄ 《ᠶᠡᠷᠦᠩᠬᠡᠢ ᠱᠦᠵᠢ ᠲᠡᠷᠡ ᠳᠣᠣᠷ᠎ᠠ ᠨᠢ ᠲᠤᠰ ᠨᠣᠮ᠎ᠢ ᠤᠯᠤᠰ᠎ᠤᠨ ᠨᠣᠮ᠎ᠤᠨ ᠰᠠᠩ᠎ᠳᠤ ᠬᠠᠳᠠᠭᠠᠯᠠᠬᠤ᠎ᠪᠠᠷ ᠲᠣᠭ᠍ᠲᠠᠵᠤ᠂ ᠪᠣᠯᠪᠠᠰᠤᠨ᠎ᠤ ᠰᠣᠯᠢᠯᠴᠠᠭᠠᠨ᠎ᠤ ᠳᠠᠭᠤᠷᠢᠰᠭᠠᠯ᠎ᠢ᠋ ᠪᠦᠲᠦᠭᠡᠪᠡ》 ᠭᠡᠪᠡ᠃

ᠧᠦ᠋ᠷᠣᠫᠠ ᠲᠢᠪ᠎ᠦᠨ ᠰᠡᠬᠡᠭᠡᠷᠡᠭᠦᠯᠬᠦ᠌ ᠦᠶ᠎ᠡ᠎ᠶ᠋ᠢᠨ ᠠᠩᠬᠠᠳᠠᠭ᠍ᠴᠢ ᠪᠦᠷᠢᠨ ᠪᠦᠲᠦᠨ ᠭᠠᠳᠠᠭᠠᠳᠤ ᠬᠡᠯᠡᠨ᠎ᠦ ᠵᠣᠬᠢᠶᠠᠯ ᠪᠦᠲᠦᠭᠡᠯ ᠪᠣᠯᠤᠭ᠍ᠰᠠᠨ᠎ᠤ ᠬᠤᠪᠢ᠎ᠳᠤ᠂ ᠤᠯᠤᠰ᠎ᠤᠨ ᠨᠣᠮ᠎ᠤᠨ ᠰᠠᠩ ᠨᠢ 《ᠱᠢᠭᠦᠮᠵᠢᠯᠡᠯ ᠥᠭᠦᠯᠡᠯ᠎ᠤᠨ ᠤᠳᠤᠷᠢᠳᠭᠠᠯ》᠎ᠳ᠋ᠤ᠌《ᠪᠡᠶ᠎ᠡ᠎ᠶ᠋ᠢ᠎ᠨᠢ ᠬᠡᠮᠵᠢᠵᠦ᠍ ᠬᠤᠪᠴᠠᠰᠤ ᠡᠰᠭᠡᠵᠦ》᠂ ᠬᠦᠴᠢᠯ ᠥᠬᠡᠶ ᠪᠡᠷ ᠬᠠᠳᠠᠭᠠᠯᠠᠬᠤ ᠬᠠᠢᠷᠴᠠᠭ᠎ᠢ ᠵᠣᠬᠢᠶᠠᠵᠤ᠂ ᠲᠤᠭᠲᠠᠮᠠᠯ ᠲᠤᠯᠠᠭᠠᠨ ᠲᠤᠭᠲᠠᠮᠠᠯ ᠴᠢᠬᠢᠭᠯᠢᠭ ᠦᠨᠡᠲᠦ ᠳᠡᠪᠲᠡᠷ᠎ᠤᠨ ᠬᠥᠮᠥᠷᠭᠡ ᠳᠣᠲᠣᠷ᠎ᠠ ᠬᠠᠳᠠᠭᠠᠯᠠᠪᠠ᠃

《ᠱᠢᠭᠦᠮᠵᠢᠯᠡᠯ ᠥᠭᠦᠯᠡᠯ᠎ᠤᠨ ᠤᠳᠤᠷᠢᠳᠭᠠᠯ》᠎ᠡᠴᠡ ᠭᠠᠳᠠᠨ᠎ᠠ᠂ ᠤᠯᠤᠰ᠎ᠤᠨ ᠨᠤᠮ᠎ᠤᠨ ᠰᠠᠩ ᠣᠳᠣᠬᠠᠨ᠎ᠳᠤ ᠪᠠᠰᠠ 《ᠱᠢᠭᠦᠮᠵᠢᠯᠡᠯ ᠥᠭᠦᠯᠡᠯ》 ᠤ᠋ᠨ 24 ᠵᠦᠢᠯ᠎ᠦᠨ ᠦᠰᠦᠭ ᠪᠢᠴᠢᠭ᠎ᠤᠨ ᠲᠦᠷᠦᠯ᠂ 260 ᠢᠵᠢ ᠣᠷᠴᠢᠭᠤᠯᠭ᠎ᠠ᠎ᠵᠢᠨ ᠳᠡᠪᠲᠡᠷ ᠪᠠᠢᠵᠤ᠂ 《ᠱᠢᠭᠦᠮᠵᠢᠯᠡᠯ ᠥᠭᠦᠯᠡᠯ》᠎ᠤ᠋ᠨ ᠭᠠᠳᠠᠭᠠᠳᠤ᠎ᠳᠤ ᠤᠯᠠᠮᠵᠢᠯᠠᠭ᠍ᠳᠠᠭ᠍ᠰᠠᠨ ᠬᠡᠪᠯᠡᠯ᠎ᠦᠨ ᠰᠢᠰᠲᠸᠮ᠎ᠢ ᠪᠦᠷᠢᠯᠳᠦᠭᠦᠯᠵᠡᠶ᠃

ᠨᠡᠩ ᠣᠯᠠᠨ ᠬᠥᠮᠦᠨ᠎ᠳᠦ ᠡᠨᠡ ᠬᠦ᠌ ᠬᠣᠪᠣᠷ ᠨᠠᠨᠳᠢᠨ ᠪᠢᠴᠢᠮᠡᠯ ᠳᠡᠪᠲᠡᠷ᠎ᠢ ᠣᠢᠯᠠᠭᠠᠭᠤᠯᠬᠤ᠎ᠶ᠋ᠢᠨ ᠲᠥᠯᠥᠭᠡ᠂ ᠤᠯᠤᠰ᠎ᠤᠨ ᠨᠤᠮ᠎ᠤᠨ ᠰᠠᠩ ᠲᠤᠰᠭᠠᠢᠯᠠᠨ ᠲᠡᠭᠦᠨ᠎ᠳᠦ ᠲᠤᠰᠭᠠᠶ ᠰᠡᠳᠦᠪᠲᠦ ᠦᠵᠡᠰᠭᠦᠯᠡᠩ ᠡᠷᠭᠢᠯᠡᠵᠦ᠍ ᠥᠭ᠌ᠭᠦᠭ᠌ᠰᠡᠨ ᠪᠥᠭᠡᠳ 《ᠱᠢᠭᠦᠮᠵᠢᠯᠡᠯ ᠥᠭᠦᠯᠡᠯ》 ᠎ᠤ᠋ᠨ ᠶᠠᠫᠣᠨ ᠪᠠ ᠰᠣᠯᠣᠩᠭᠣᠰ᠎ᠲᠠᠬᠢ ᠰᠡᠢᠯᠦᠮᠡᠯ ᠬᠡᠪᠯᠡᠯ ᠵᠢᠴᠢ 17 ᠳ᠋ᠤᠭᠠᠷ ᠵᠠᠭᠤᠨ᠎ᠡᠴᠡ 19 ᠳ᠋ᠤᠭᠡᠷ ᠵᠠᠭᠤᠨ᠎ᠤ ᠹᠷᠠᠨᠼᠢ ᠬᠡᠯᠡ᠂ ᠢᠲ᠋ᠠᠯᠢ ᠬᠡᠯᠡ᠂ ᠭᠸᠷᠮᠠᠨ ᠬᠡᠯᠡ ᠪᠠ ᠠᠨᠭ᠌ᠭ᠌ᠯᠢ ᠬᠡᠯᠡᠨ᠎ᠦ ᠣᠷᠴᠢᠭᠤᠯᠭ᠎ᠠ᠎ᠶ᠋ᠢᠨ ᠳᠡᠪᠲᠡᠷ᠎ᠢ ᠳᠡᠯᠭᠡᠨ ᠦᠵᠡᠭᠦᠯᠵᠦ᠍᠂ ᠪᠢᠴᠢᠭ᠎ᠦᠨ ᠰᠤᠷᠭᠠᠯᠲᠠᠨ᠎ᠤ ᠰᠣᠩᠭᠣᠳᠠᠭ ᠵᠣᠬᠢᠶᠠᠯ᠎ᠤᠨ ᠲᠤᠬᠠᠶ᠎ᠶ᠋ᠢᠨ ᠦᠶ᠎ᠡ᠎ᠶ᠋ᠢᠨ ᠳᠡᠯᠡᠬᠡᠶ᠎ᠶ᠋ᠢᠨ ᠬᠡᠪᠴᠢᠶᠡᠨ ᠎ᠳᠦ ᠤᠯᠠᠮᠵᠢᠯᠠᠭ᠍ᠳᠠᠵᠤ ᠪᠠᠢᠭ᠍ᠰᠠᠨ ᠪᠠᠢᠳᠠᠯ᠎ᠢ ᠲᠤᠰᠭᠠᠭ᠍ᠰᠠᠨ ᠪᠠᠢᠨ᠎ᠠ᠃

《〈ᠱᠢᠭᠦᠮᠵᠢᠯᠡᠯ ᠥᠭᠦᠯᠡᠯ〉 ᠳ᠋ᠤ ᠳᠤᠮᠳᠠᠳᠤᠴᠤᠳ᠎ᠤᠨ ᠤᠶᠤᠨ ᠰᠠᠨᠠᠭᠠᠨ᠎ᠤ ᠦᠨᠳᠦᠰᠦ ᠰᠤᠷᠪᠤᠯᠵᠢ ᠨᠢᠭᠤᠭ᠍ᠳᠠᠵᠤ ᠪᠤᠢ》᠂ 《ᠪᠢᠴᠢᠭ᠎ᠦᠨ ᠰᠤᠷᠭᠠᠯᠲᠠᠨ᠎ᠤ ᠰᠣᠩᠭᠣᠳᠠᠭ ᠵᠣᠬᠢᠶᠠᠯ ᠪᠣᠯ ᠳᠡᠯᠡᠬᠡᠢ ᠳ᠋ᠠᠬᠢᠨ᠎ᠢᠶᠠᠷ᠎ᠢᠶᠠᠨ ᠳᠤᠮᠳᠠᠳᠤ ᠤᠯᠤᠰ᠎ᠤᠨ ᠪᠣᠯᠪᠠᠰᠤᠨ᠎ᠢ ᠣᠢᠯᠠᠭᠠᠬᠤ ᠨᠢᠭᠤᠴᠠ ᠨᠣᠮᠧᠷ ᠮᠥᠨ》 ᠁ ᠦᠵᠡᠭ᠌ᠴᠢᠳ ᠦᠭᠡ ᠦᠯᠡᠳᠡᠭᠡᠬᠦ᠌᠎ᠳᠡᠭᠡᠨ ᠢᠲᠡᠭᠡᠯ ᠪᠠ ᠣᠮᠣᠭ᠍ᠰᠢᠯ᠎ᠢᠶᠠᠷ ᠳᠦᠭᠦᠷᠡᠩ ᠪᠠᠢᠯ᠎ᠠ᠃

2013 ᠣᠨ᠎ᠤ 11 ᠰᠠᠷ᠎ᠠ᠎ᠳᠤ᠂ ᠶᠡᠷᠦᠩᠬᠡᠢ ᠱᠦᠵᠢ ᠰᠢ ᠵᠢᠨ ᠫᠢᠩ ᠱᠠᠨᠳᠦ᠋ᠩ ᠎ᠦᠨ ᠴᠢᠦᠢ ᠹᠦ᠋᠎ᠶ᠋ᠢᠨ ᠺᠦᠩᠽᠢ᠎ᠶ᠋ᠢᠨ ᠤᠷᠳᠤᠨ ᠪᠣᠯᠤᠨ ᠺᠦᠩᠽᠢ᠎ᠶ᠋ᠢᠨ ᠰᠤᠳᠤᠯᠭᠠᠨ᠎ᠤ ᠬᠦᠷᠢᠶᠡᠯᠡᠩ᠎ᠳᠦ ᠱᠢᠨᠵᠢᠯᠡᠨ ᠪᠠᠢᠴᠠᠭᠠᠪᠠ᠃ ᠱᠢᠷᠡᠭᠡᠨ ᠳᠡᠭᠡᠷ᠎ᠡ ᠲᠠᠯᠪᠢᠭ᠍ᠰᠠᠨ 《ᠺᠦᠩᠽᠢ ᠶ᠋ᠢᠨ ᠭᠡᠷ᠎ᠦᠨ ᠬᠡᠯᠡᠯᠭᠡ᠎ᠶ᠋ᠢᠨ ᠨᠡᠪᠲᠡᠷᠬᠡᠢ ᠲᠠᠢᠯᠪᠤᠷᠢ》᠂ 《ᠱᠢᠭᠦᠮᠵᠢᠯᠡᠯ ᠥᠭᠦᠯᠡᠯ᠎ᠤᠨ ᠲᠠᠢᠯᠪᠤᠷᠢ》 ᠬᠣᠶᠠᠷ ᠨᠣᠮ᠎ᠢ ᠶᠡᠷᠦᠩᠬᠡᠢ ᠱᠦᠵᠢ ᠤᠩᠱᠢᠬᠤ᠎ᠶ᠋ᠢᠨ ᠳᠠᠭᠠᠤ᠄ 《ᠡᠨᠡ ᠬᠣᠶᠠᠷ ᠨᠣᠮ᠎ᠢ ᠪᠢ ᠨᠠᠷᠢᠨ ᠦᠵᠡᠨ᠎ᠡ》 ᠭᠡᠯ᠎ᠡ᠃

ᠶᠡᠷᠦᠩᠬᠡᠢ ᠱᠦᠵᠢ᠎ᠶ᠋ᠢᠨ ᠰᠡᠳᠭᠢᠯ᠎ᠳᠦ᠂ 《ᠳᠤᠮᠳᠠᠳᠤ ᠤᠯᠤᠰ᠎ᠤᠨ ᠱᠢᠯᠢᠳᠡᠭ ᠤᠯᠠᠮᠵᠢᠯᠠᠯᠲᠤ ᠰᠣᠶᠣᠯ᠎ᠤᠨ ᠡᠯᠪᠡᠭ ᠪᠠᠶᠠᠯᠢᠭ ᠭᠦᠨ ᠤᠬᠠᠭᠠᠨ᠎ᠤ ᠦᠵᠡᠯ ᠰᠠᠨᠠᠭ᠎ᠠ᠂ ᠰᠣᠶᠣᠯ ᠢᠷᠭᠡᠨᠱᠢᠯ᠎ᠦᠨ ᠵᠣᠷᠢᠭ ᠰᠠᠨᠠᠭ᠎ᠠ᠂ ᠰᠡᠬᠡᠭᠡᠷᠡᠭᠦᠯᠬᠦ᠌ ᠦᠵᠡᠯ ᠰᠠᠨᠠᠭ᠎ᠠ᠂ ᠶᠣᠰᠣ ᠰᠤᠷᠲᠠᠬᠤᠨ᠎ᠤ ᠣᠢᠯᠠᠭᠠᠭ᠍ᠳᠠᠬᠤᠨ ᠵᠡᠷᠭᠡ ᠨᠢ ᠬᠥᠮᠦᠰ᠎ᠦᠨ ᠶᠢᠷᠲᠢᠨᠴᠦ᠍᠎ᠶ᠋ᠢ ᠲᠠᠨᠢᠵᠤ ᠥᠭᠡᠷᠡᠴᠢᠯᠡᠬᠦ᠌᠎ᠳᠦ ᠠᠱᠢᠭ᠍ᠲᠠᠢ ᠰᠡᠩᠬᠡᠷᠡᠭᠦᠯᠦᠯ ᠬᠠᠩᠭᠠᠵᠤ᠂ ᠲᠦᠷᠦ᠍᠎ᠶ᠋ᠢ ᠵᠠᠰᠠᠵᠤ ᠵᠠᠰᠠᠭ᠎ᠢ ᠡᠷᠬᠢᠯᠡᠬᠦ᠌᠎ᠳᠦ ᠠᠱᠢᠭ᠍ᠲᠠᠢ ᠰᠡᠩᠬᠡᠷᠡᠭᠦᠯᠦᠯ ᠬᠠᠩᠭᠠᠵᠤ ᠪᠣᠯᠬᠤ ᠪᠥᠭᠡᠳ ᠶᠣᠰᠣ ᠰᠤᠷᠲᠠᠬᠤᠨ᠎ᠤ ᠪᠠᠢᠭᠤᠯᠤᠯᠲᠠ᠎ᠳᠤ ᠴᠤ᠌ ᠠᠱᠢᠭ᠍ᠲᠠᠢ ᠰᠡᠩᠬᠡᠷᠡᠭᠦᠯᠦᠯ ᠬᠠᠩᠭᠠᠵᠤ ᠪᠣᠯᠤᠨ᠎ᠠ》᠃

《ᠶᠡᠷᠦᠩᠬᠡᠢ ᠱᠦᠵᠢ᠎ᠶᠢᠨ 〈ᠱᠢᠭᠦᠮᠵᠢᠯᠡᠯ ᠥᠭᠦᠯᠡᠯ᠎ᠤᠨ ᠤᠳᠤᠷᠢᠳᠭᠠᠯ〉᠎ᠢ᠋ ᠨᠠᠨᠳᠢᠩᠨᠠᠭ᠍ᠰᠠᠨ ᠦᠯᠢᠬᠡᠷ ᠪᠣᠯ ᠪᠣᠯᠪᠠᠰᠤᠨ᠎ᠤ ᠭᠠᠯ ᠭᠤᠯᠤᠮᠳᠠ᠎ᠶ᠋ᠢ ᠰᠠᠬᠢᠨ ᠬᠠᠮᠠᠭᠠᠯᠠᠵᠤ᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠱᠢᠨ᠎ᠡ᠎ᠶ᠋ᠢ ᠡᠭᠦᠳᠦᠭ᠌ᠰᠡᠨ ᠠᠮᠢᠳᠤᠯᠢᠭ ᠵᠢᠱ᠌ᠢᠢ᠎ᠡ ᠪᠣᠯᠤᠨ᠎ᠠ᠂ ᠳᠤᠮᠳᠠᠳᠤ᠎ᠶ᠋ᠢᠨ ᠰᠣᠶᠣᠯ᠎ᠤᠨ ᠰᠤᠳᠠᠰᠤ᠎ᠶ᠋ᠢ ᠪᠦᠬᠦᠨ᠎ᠢ ᠠᠪᠴᠤ ᠪᠠᠢᠳᠠᠭ᠎ᠢ ᠬᠠᠳᠠᠭᠠᠯᠠᠬᠤ ᠳᠤᠮᠳᠠ ᠦᠷᠭᠦᠯᠵᠢᠯᠡᠨ ᠤᠯᠠᠮᠵᠢᠯᠠᠵᠤ᠂ ᠪᠠᠳᠠᠷᠠᠭᠤᠯᠤᠨ ᠳᠡᠯᠭᠡᠷᠡᠭᠦᠯᠪᠡ》ᠭᠡᠵᠦ᠍ ᠱᠢᠶᠦ᠋ᠩ ᠶᠤᠸᠠᠨ ᠮᠢᠩ ᠬᠡᠯᠡᠪᠡ᠃ (ᠲᠠᠩ ᠵᠶ᠋ᠢ ᠰᠤᠷᠪᠤᠯᠵᠢᠯᠠᠨ ᠪᠢᠴᠢᠬᠦ᠌᠎ᠳᠦ ᠣᠷᠣᠯᠴᠠᠪᠠ) (ᠰᠢᠨᠬᠤᠸᠠ ᠬᠤᠷᠢᠶᠠᠨ᠎ᠤ ᠪᠡᠭᠡᠵᠢᠩ᠎ᠤᠨ 5 ᠰᠠᠷ᠎ᠠ᠎ᠶᠢᠨ 24᠎ᠤ᠋ ᠴᠠᠬᠢᠯᠭᠠᠨ ᠮᠡᠳᠡᠭᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面