2022-05-18 09:14:38
2021ᠣᠨ᠎ᠤ3ᠰᠠᠷ᠎ᠠ᠎ᠶ᠋ᠢᠨ24ᠤ᠋᠎ᠡᠳᠦᠷ᠎ᠦᠨ ᠦᠳᠡ᠎ᠶ᠋ᠢᠨ ᠬᠣᠢᠨ᠎ᠠ᠂ ᠹᠦᠵᠧᠦ᠍ᠳᠦ ᠠᠵᠢᠯ ᠪᠠᠢᠴᠠᠭᠠᠵᠤ ᠪᠠᠢᠭ᠍ᠰᠠᠨ ᠶᠡᠷᠦᠩᠬᠡᠶ ᠱᠦᠵᠢ ᠰᠢ ᠵᠢᠨᠫᠢᠩ ᠰᠠᠨ ᠹᠠᠩ ᠴᠢ ᠭᠤᠳᠤᠮᠵᠢ᠎ᠶ᠋ᠢᠨ ᠲᠡᠦᠬᠡ ᠰᠣᠶᠣᠯ᠎ᠤᠨ ᠵᠡᠭᠡᠯᠢ ᠲᠣᠭᠣᠷᠢᠭ᠎ᠲᠤ ᠰᠢᠨᠵᠢᠯᠡᠨ ᠪᠠᠢᠴᠠᠭᠠᠬᠤᠳ᠋ᠤ᠌ ᠡᠷᠲᠡᠨ᠎ᠦ ᠬᠣᠲᠠ ᠬᠥᠷ ᠬᠥᠭ᠌ᠵᠢᠶᠡᠨ᠎ᠢᠶᠡᠷ ᠪᠢᠯᠬᠠᠯ᠎ᠠ᠃
《ᠤᠯᠠᠮᠵᠢᠯᠠᠯᠲᠤ ᠵᠡᠭᠡᠯᠢ ᠲᠣᠭᠣᠷᠢᠭ᠎ᠢ ᠰᠠᠢᠲᠤᠷ ᠬᠠᠮᠠᠭᠠᠯᠠᠵᠤ᠂ ᠡᠷᠲᠡᠨ᠎ᠦ ᠪᠠᠷᠢᠯᠭᠠᠶ᠋ᠢᠰᠠᠢᠲᠤᠷ ᠬᠠᠮᠠᠭᠠᠯᠠᠵᠤ᠂ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠰᠠᠢᠲᠤᠷ ᠬᠠᠮᠠᠭᠠᠯᠠᠬᠤ ᠪᠣᠯ ᠳᠠᠷᠤᠢ ᠬᠤᠲᠠᠶ᠋ᠢᠨᠲᠡᠦᠬᠡ ᠪᠠ ᠰᠣᠶᠣᠯ᠎ᠤᠨ ᠰᠤᠳᠠᠰᠤ᠎ᠶ᠋ᠢ ᠬᠠᠳᠠᠭᠠᠯᠠᠭ᠍ᠰᠠᠨ ᠶᠠᠪᠤᠳᠠᠯ ᠪᠣᠯᠤᠨ᠎ᠠ᠃ ᠡᠷᠲᠡᠨ᠎ᠦ ᠪᠠᠷᠢᠯᠭ᠎ᠠ᠂ ᠬᠠᠭᠤᠴᠢᠨᠰᠠᠭᠤᠴᠠ᠂ ᠬᠠᠭᠤᠴᠢᠨ ᠵᠡᠭᠡᠯᠢ ᠲᠣᠭᠣᠷᠢᠭ᠎ᠲᠤ᠌ ᠨᠠᠨᠳᠢᠩᠨᠠᠬᠤ᠂ ᠬᠦᠨᠳᠦᠳᠭᠡᠬᠦ᠌ ᠰᠡᠳᠭᠢᠯᠭᠡ᠎ᠲᠡᠶ ᠪᠠᠢᠬᠤ ᠬᠡᠷᠡᠭ᠌ᠲᠡᠶ》᠃
ᠬᠡᠯᠡᠭ᠌ᠰᠡᠳ ᠴᠢᠩ ᠦᠨᠡᠨᠴᠢ ᠪᠠᠢᠪᠠᠯ᠂ ᠰᠣᠨᠣᠰᠤᠭ᠍ᠴᠢᠳ᠎ᠤᠨ ᠰᠡᠳᠭᠢᠯ᠎ᠢ ᠬᠥᠳᠡᠯᠭᠡᠨᠡᠮ᠃
ᠶᠡᠷᠦᠩᠬᠡᠢ ᠱᠦᠵᠢ ᠰᠢ ᠵᠢᠨ ᠫᠢᠩ ᠪᠣᠯᠤᠨ ᠡᠨᠡ ᠬᠦ᠌ ᠡᠷᠲᠡᠨ᠎ᠦ ᠵᠡᠭᠡᠯᠢ ᠭᠤᠳᠤᠮᠵᠢᠶ᠋ᠢᠨᠬᠣᠭᠣᠷᠣᠨᠳᠣ ᠭᠤᠴᠢᠨ ᠵᠢᠯ ᠠᠯᠤᠰᠯᠠᠭ᠍ᠰᠠᠨ ᠰᠠᠬᠢᠨ ᠬᠠᠮᠠᠭᠠᠯᠠᠭᠰᠠᠨ ᠬᠠᠢᠷ᠎ᠠ ᠰᠡᠳᠭᠢᠯᠭᠡ᠎ᠲᠡᠶ ᠶᠤᠮ᠃
ᠹᠦᠵᠧᠦ᠍ᠶ᠋ᠢᠨ ᠰᠠᠨ ᠹᠠᠩ ᠴᠢ ᠭᠤᠳᠤᠮᠵᠢ ᠨᠢ 《ᠳᠤᠲᠤᠭᠠᠳᠤ ᠬᠤᠲᠠ᠎ᠵᠢᠨ ᠲᠦᠷᠢᠮ᠎ᠦᠨ ᠠᠮᠢᠳᠤ ᠴᠢᠯᠠᠭᠤᠵᠢᠮᠠᠯ》 ᠬᠡᠮᠡᠭ᠌ᠳᠡᠵᠦ᠍᠂ ᠵᠠᠭᠤ ᠮᠢᠩᠭᠠᠨ ᠵᠢᠯ᠎ᠦᠨ ᠲᠡᠦᠬᠡ᠎ᠶ᠋ᠢᠨ ᠬᠤᠪᠢᠷᠠᠯᠲᠠ᠎ᠶ᠋ᠢ ᠭᠡᠷᠡᠴᠢᠯᠡᠪᠡ᠃ᠳᠡᠭᠡᠷ᠎ᠡ ᠵᠠᠭᠤᠨ᠎ᠤ ᠨᠠᠶᠠᠭᠠᠳ ᠣᠨ᠎ᠳᠤ᠂ ᠬᠤᠳᠠ᠎ᠶ᠋ᠢᠨ ᠨᠡᠭᠡᠭᠡᠨ ᠬᠥᠭ᠌ᠵᠢᠭᠦᠯᠦᠯᠲᠡ᠎ᠶ᠋ᠢᠨ ᠬᠠᠯᠠᠭᠤᠨ ᠤᠷᠤᠰᠭᠠᠯᠤᠨᠲᠠᠭᠠᠷᠢᠯᠳᠠ ᠳᠣᠣᠷ᠎ᠠ᠂ ᠡᠨᠳᠡ ᠨᠢᠭᠡ ᠦᠶ᠎ᠡ ᠠᠶᠤᠯᠲᠠᠶ ᠪᠠᠢᠳᠠᠯ᠎ᠳᠤ ᠣᠷᠣᠪᠠ᠃
ᠭᠤᠳᠤᠮᠵᠢ ᠵᠢᠨ ᠬᠣᠢᠲᠤ ᠪᠤᠯᠤᠩ᠎ᠳᠦ ᠯᠢᠨ ᠵᠢᠤᠸᠠᠢ ᠮᠢᠨᠦ ᠬᠠᠭᠤᠴᠢᠨ ᠰᠠᠭᠤᠴᠠ ᠬᠥᠭ᠌ᠵᠢᠶᠡᠨᠲᠦ ᠬᠣᠲᠠ᠎ᠳᠤ ᠨᠠᠮ ᠵᠢᠮᠬᠡᠨ ᠪᠠᠢᠷᠢᠰᠢᠵᠤ ᠪᠠᠢᠯ᠎ᠠ᠃ᠲᠡᠭᠦᠨ᠎ᠦ ᠡᠭᠦᠳᠡᠨ ᠡᠮᠦᠨᠡᠬᠢ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠴᠢᠯᠠᠭᠤᠨᠬᠥᠱᠢᠢᠡ ᠳᠡᠭᠡᠷ᠎ᠡ《ᠨᠤᠷᠠᠭᠠᠨ᠎ᠠ》 ᠭᠡᠬᠦ ᠲᠤᠮᠤ ᠦᠰᠦᠭ ᠪᠢᠴᠢᠵᠦ᠍ ᠪᠠᠢᠯ᠎ᠠ᠃
ᠵᠠᠩᠭᠢᠯᠠᠭ᠎ᠠ᠎ᠶ᠋ᠢᠨ ᠦᠶ᠎ᠡ᠎ᠳᠦ᠂ ᠲᠡᠦᠬᠡ᠎ᠶ᠋ᠢᠨ ᠳᠤᠷᠠᠰᠭᠠᠯᠲᠤ ᠵᠦᠢᠯᠡᠰᠦᠨᠠᠵᠢᠯᠤᠨ ᠲᠤᠬᠠᠢ᠎ᠶ᠋ᠢᠨ ᠲᠠᠯᠠᠪᠠᠢ᠎ᠶ᠋ᠢᠨ ᠠᠵᠢᠯ᠎ᠤᠨ ᠬᠤᠷᠠᠯ ᠯᠢᠨ ᠵᠢᠤᠸᠠᠢ ᠮᠢᠨᠦ ᠬᠠᠭᠤᠴᠢᠨ ᠰᠠᠭᠤᠴᠠᠳᠤᠬᠤᠷᠠᠯᠳᠤᠪᠠ᠃ ᠲᠤᠬᠠᠶ᠎ᠶ᠋ᠢᠨ ᠦᠶ᠎ᠡ᠎ᠳᠦ ᠹᠦᠵᠧᠦ ᠬᠣᠲᠠ᠎ᠶ᠋ᠢᠨ ᠨᠠᠮ᠎ᠤᠨ ᠬᠣᠷᠢᠶᠠᠨ᠎ᠤ ᠱᠦᠵᠢ ᠪᠠᠢᠭ᠍ᠰᠠᠨ ᠰᠢ᠎ᠵᠢᠨ ᠫᠢᠩ ᠬᠤᠷᠠᠯ ᠳᠡᠭᠡᠷ᠎ᠡ᠄ 《ᠪᠢᠳᠡ ᠪᠥᠬᠥ᠌ ᠬᠣᠲᠠ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠢ ᠬᠠᠮᠠᠭᠠᠯᠠᠵᠤ᠂ᠵᠠᠰᠠᠨ ᠰᠡᠷᠭᠦᠭᠡᠵᠦ᠂ ᠰᠠᠢᠲᠤᠷ ᠠᠱᠢᠭ᠍ᠯᠠᠬᠤ ᠬᠡᠷᠡᠭ᠌ᠲᠡᠶ᠂ ᠡᠪᠳᠡᠯᠡᠭᠡ᠎ᠳᠦ ᠤᠴᠠᠷᠠᠭᠤᠯᠵᠤ ᠪᠣᠯᠬᠤ ᠥᠬᠡᠶ ᠮᠥᠷᠲᠡᠭᠡᠨ ᠨᠠᠩ ᠬᠡᠷᠡᠯ ᠭᠢᠯᠪᠠᠭ᠎ᠠ ᠨᠡᠮᠡᠷᠢᠯᠡᠵᠦ᠍᠂ᠬᠣᠢᠴᠢ ᠦᠶ᠎ᠡ᠎ᠳᠡᠭᠡᠨ ᠤᠯᠠᠮᠵᠢᠯᠠᠬᠤ ᠬᠡᠷᠡᠭ᠌ᠲᠡᠶ》 ᠭᠡᠵᠦ ᠨᠢᠭᠡ ᠯᠡᠰᠢᠢᠳᠪᠦᠷᠢ ᠲᠤᠭᠲᠠᠭᠠᠪᠠ᠃
《ᠨᠤᠷᠠᠭᠠᠬᠤ》 ᠡᠴᠡ 《ᠵᠠᠰᠠᠬᠤ》 ᠬᠦᠷᠲᠡᠯ᠎ᠡ᠂ ᠨᠢᠭᠡ ᠯᠡ ᠦᠭᠡᠶ᠋ᠢᠨᠬᠤᠪᠢᠷᠠᠯᠲᠠ ᠨᠢ ᠬᠤᠳᠠ᠎ᠶ᠋ᠢᠨ ᠬᠠᠮᠢᠶᠠᠷᠤᠭ᠍ᠴᠢ᠎ᠶ᠋ᠢᠨ ᠬᠤᠯᠠ᠎ᠶ᠋ᠢᠨ ᠬᠠᠷᠠᠴᠠ ᠪᠣᠯᠤᠨ ᠰᠥᠰᠥ᠍ ᠵᠣᠷᠢᠭ᠎ᠢ ᠢᠯᠡᠷᠡᠭᠦᠯᠪᠡ᠃
《ᠵᠠᠭᠤ ᠭᠠᠷᠤᠢ ᠡᠳᠦᠷ᠎ᠦᠨ ᠳᠣᠲᠣᠷ᠎ᠠ ᠡᠨᠳᠡᠬᠢ᠎ᠶ᠋ᠢ ᠱᠠᠯᠠᠪᠳᠠᠨ ᠵᠠᠰᠠᠵᠤ ᠡᠬᠢᠯᠡᠵᠡᠢ!ᠤᠳᠠᠯ ᠦᠭᠡᠢ᠂ ᠰᠠᠨ ᠹᠠᠩ ᠴᠢ ᠭᠤᠳᠤᠮᠵᠢ᠎ᠶ᠋ᠢᠨ ᠲᠤᠳᠤᠷᠠᠬᠢ ᠪᠤᠰᠤᠳ ᠲᠡᠦᠬᠡᠶ᠋ᠢᠨᠪᠠᠷᠢᠯᠭᠠᠶ᠋ᠢ ᠴᠤ᠌ ᠵᠠᠯᠭᠠᠭ᠎ᠠ᠎ᠪᠠᠷ ᠵᠠᠰᠠᠨ ᠰᠡᠯᠪᠢᠵᠦ᠍ ᠬᠠᠮᠠᠭᠠᠯᠠᠭ᠍ᠰᠠᠨ ᠪᠠᠢᠨ᠎ᠠ》᠃ ᠣᠯᠠᠨ ᠵᠢᠯ ᠥᠨᠭᠭᠡᠷᠡᠨ ᠤᠳᠴᠠᠢ᠂ ᠹᠦᠵᠧᠦ᠍ᠶ᠋ᠢᠨ ᠰᠣᠶᠣᠯ ᠲᠡᠦᠬᠡ᠎ᠶ᠋ᠢᠨ ᠲᠤᠰᠭᠠᠶ ᠮᠡᠷᠭᠡᠵᠢᠯᠲᠡᠨᠯᠢ ᠾᠧᠦ ᠸᠧᠶ ᠲᠡᠷᠡ ᠤᠳᠠᠭᠠᠨ᠎ᠤ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ 《 ᠠᠪᠤᠷᠠᠬᠤ ᠠᠵᠢᠯᠯᠠᠭ᠎ᠠ》 ᠶ᠋ᠢ ᠲᠣᠪ ᠲᠣᠳᠣᠷᠬᠠᠶᠴᠡᠭᠡᠵᠢᠯᠡᠭ᠌ᠰᠡᠭᠡᠷ ᠢᠷᠡᠭ᠌ᠰᠡᠨ ᠪᠥᠭᠡᠳ ᠶᠡᠷᠦᠩᠬᠡᠶ ᠱᠦᠵᠢ ᠰᠢ ᠵᠢᠨ ᠫᠢᠩ ᠳ᠋ᠤ᠌ ᠢᠮᠠᠬᠳᠠ ᠲᠠᠯᠠᠷᠬᠠᠬᠰᠠᠭᠠᠷ᠂ 《ᠬᠡᠷᠪᠡ ᠲᠡᠭᠦᠨ᠎ᠦ ᠬᠠᠮᠠᠭᠠᠯᠠᠯᠲᠠ ᠳᠡᠮᠵᠢᠯᠭᠡ ᠥᠬᠡᠶ ᠪᠣᠯ ᠰᠠᠨ ᠹᠠᠩ ᠴᠢ ᠭᠤᠳᠤᠮᠵᠢ ᠠᠯᠢᠡᠷᠲᠡ ᠪᠠᠢᠬᠤ ᠥᠬᠡᠶ ᠪᠤᠯᠤᠭᠰᠠᠨ ᠶᠤᠮ!》᠃
ᠰᠣᠶᠣᠯ᠎ᠤᠨ ᠥᠪ᠎ᠦᠨ ᠬᠠᠮᠠᠭᠠᠯᠠᠯᠲᠠ᠎ᠶ᠋ᠢᠨ ᠬᠠᠮᠢᠶ᠎ᠠ ᠪᠥᠬᠥᠶ ᠲᠦᠷᠢᠮ᠎ᠢ ᠲᠣᠭ᠍ᠲᠠᠭᠠᠬᠤᠶ᠋ᠢᠠᠬᠢᠭᠤᠯᠬᠤ᠂ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠲᠣᠪᠴᠢᠶ᠎ᠠ ᠪᠠ ᠬᠠᠭᠤᠴᠢ ᠰᠤᠳᠤᠯᠤᠯ᠎ᠤᠨ ᠠᠩᠭᠢ ᠪᠠᠢᠭᠤᠯᠬᠤ᠂ᠬᠣᠲᠠ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠲᠥᠷᠥᠯ ᠵᠦᠶ᠋ᠯ ᠪᠠᠢᠭᠤᠯᠬᠤ᠎ᠳᠤ ᠲᠡᠦᠬᠡ᠎ᠶ᠋ᠢᠨ ᠳᠤᠷᠠᠰᠭᠠᠯᠲᠤᠵᠦᠶ᠋ᠯᠡᠰᠦᠨ ᠰᠠᠯᠠᠭ᠎ᠠ ᠮᠥᠴᠢᠷ ᠲᠠᠮᠠᠭ᠎ᠠ ᠳᠠᠷᠤᠬᠤ ᠵᠢ ᠱᠠᠭᠠᠷᠳᠠᠬᠰᠠᠨ ᠁ ᠹᠦᠵᠧᠦ᠍ᠳᠦ ᠠᠵᠢᠯᠯᠠᠵᠤ ᠪᠠᠢᠬᠤᠬᠤᠭᠤᠴᠠᠭᠠᠨᠳᠤ᠂ ᠰᠢ ᠵᠢᠨ ᠫᠢᠩ ᠲᠤᠬᠠᠶ᠎ᠶ᠋ᠢᠨ ᠭᠠᠵᠠᠷ᠎ᠤᠨ ᠰᠣᠶᠣᠯ᠎ᠤᠨ ᠥᠪ᠎ᠦᠨ ᠬᠠᠮᠠᠭᠠᠯᠠᠯᠲᠠ᠎ᠶ᠋ᠢᠨ ᠣᠷᠳᠣᠬᠤᠭᠤᠴᠠᠭᠠᠨᠤ ᠪᠦᠲᠦᠮᠵᠢᠲᠡᠶ ᠲᠣᠭ᠍ᠲᠠᠴᠠ᠎ᠶ᠋ᠢ ᠪᠠᠢᠭᠤᠯᠬᠤ᠎ᠳᠤ ᠰᠠᠭᠤᠷᠢ ᠲᠠᠯᠪᠢᠵᠤ ᠥᠭ᠌ᠪᠡ᠃
《ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠬᠠᠮᠠᠭᠠᠯᠠᠬᠤ ᠲᠤᠰ ᠪᠡᠶ᠎ᠡ᠎ᠡᠴᠡ ᠪᠦᠬᠦ᠌ ᠨᠡᠢᠭᠡᠮᠦᠨᠲᠡᠦᠬᠡᠶ᠋ᠢᠨ ᠳᠤᠷᠠᠰᠭᠠᠯᠲᠤ ᠵᠦᠢᠯᠡᠰ᠎ᠢ ᠬᠠᠮᠠᠭᠠᠯᠠᠬᠤ ᠤᠬᠠᠮᠰᠠᠷ᠎ᠢ ᠳᠡᠭᠡᠭ᠌ᠰᠢᠯᠡᠭᠦᠯᠬᠦ᠌ ᠬᠦᠷᠲᠡᠯ᠎ᠡ ᠰᠣᠶᠣᠯᠤᠨᠪᠠᠢᠭᠤᠯᠤᠯᠲᠠ ᠪᠠ ᠠᠵᠤ ᠠᠬᠤᠢ᠎ᠶ᠋ᠢᠨ ᠪᠦᠳᠦᠭᠡᠨ ᠪᠠᠢᠭᠤᠯᠤᠯᠲᠠ᠎ᠶ᠋ᠢ ᠠᠳᠠᠯᠢᠬᠠᠨ ᠴᠢᠬᠤᠯᠠ᠎ᠪᠠᠷ ᠦᠵᠡᠬᠦ᠌ ᠬᠡᠷᠡᠭ᠌ᠲᠡᠢ᠂ᠡᠨᠡ ᠪᠣᠯ ᠶᠡᠷᠦᠩᠬᠡᠢ ᠱᠦᠵᠢ ᠰᠢ ᠵᠢᠨ ᠫᠢᠩ᠎ᠦᠨ ᠪᠢᠳᠡᠨ᠎ᠳᠦ ᠦᠯᠡᠳᠡᠭᠡᠭ᠌ᠰᠡᠨ ᠤᠶᠤᠨ ᠤᠬᠠᠭᠠᠨ ᠪᠠ ᠡᠳ᠋ ᠬᠦᠷᠥᠨᠭᠭᠡᠪᠣᠯᠤᠨᠠ》ᠭᠡᠵᠦᠹᠦᠵᠢᠶᠠᠨ ᠮᠤᠵᠢ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠲᠣᠪᠴᠢᠶᠠᠨ᠎ᠤ ᠤᠤᠯ᠎ᠤᠨ ᠳᠠᠷᠤᠭ᠎ᠠ ᠵᠧᠩᠭᠦᠸᠧ ᠵᠧᠨ ᠬᠡᠯᠡᠪᠡ᠃
ᠭᠤᠴᠢ ᠭᠠᠷᠤᠢ ᠵᠢᠯ ᠥᠩᠭᠡᠷᠡᠯ᠎ᠡ᠂ 《ᠬᠠᠮᠠᠭᠠᠯᠠᠭᠳᠠᠭᠰᠠᠨ》 ᠡᠴᠡ 《ᠠᠮᠢᠯᠠᠭ᠍ᠰᠠᠨ》 ᠬᠦᠷᠲᠡᠯ᠎ᠡ᠂ ᠰᠠᠨ ᠹᠠᠩ ᠴᠢ ᠭᠤᠳᠤᠮᠵᠢᠶ᠋ᠢᠨᠠᠮᠢᠳᠤ ᠰᠤᠶᠤᠯ᠎ᠤᠨ ᠥᠪ ᠨᠢ ᠱᠢᠨ᠎ᠡ ᠠᠮᠢᠵᠢᠷᠠᠯ᠎ᠤᠨ ᠬᠦᠴᠦᠨ᠎ᠢᠶᠡᠷ ᠪᠢᠯᠬᠠᠨ᠎ᠠ᠃
ᠰᠠᠨ ᠹᠠᠩ ᠴᠢ ᠭᠤᠳᠤᠮᠵᠢ᠎ᠳᠤ ᠠᠯᠬᠤᠨ ᠤᠷᠤᠪᠠᠯ᠂ ᠴᠠᠭᠠᠨ ᠬᠡᠷᠡᠮᠬᠠᠷᠠ ᠸᠠᠭᠠᠷ᠂ ᠳᠠᠪᠬᠤᠷᠯᠢᠭ ᠰᠠᠷᠠᠪᠴᠢ᠎ᠵᠢᠨ ᠡᠷᠲᠡᠭᠡᠷ ᠦᠨᠴᠦᠭᠢᠣᠯᠵᠤ ᠬᠠᠷᠠᠨ᠂ ᠮᠣᠳᠣᠨ ᠵᠢᠷᠤᠭ᠂ ᠲᠣᠰᠣᠨ ᠴᠠᠭᠠᠰᠤ᠎ᠳᠤ ᠱᠢᠬᠦᠷ᠂ᠱᠧᠤ ᠱᠠᠨ ᠴᠢᠯᠠᠭᠤ ᠵᠡᠷᠭᠡ ᠠᠷᠠᠳ᠎ᠤᠨ ᠤᠷᠠᠯᠢᠭ᠎ᠤᠨ ᠡᠵᠡᠩᠨᠡᠯᠲᠡ᠎ᠶ᠋ᠢᠨ ᠬᠡᠯᠪᠡᠷᠢ ᠪᠠᠢᠳᠠᠯᠮᠠᠰᠢ ᠰᠤᠨᠢᠷᠬᠠᠯ᠎ᠲᠠᠢ; ᠵᠢᠭᠳᠡᠷᠡᠭᠰᠡᠨ ᠡᠷᠲᠡᠨ᠎ᠦ ᠪᠠᠷᠢᠯᠭ᠎ᠠ ᠵᠢᠨ ᠳᠤᠮᠳᠠ᠂ ᠡᠯ᠎ᠡ ᠲᠥᠷᠥᠯ᠎ᠦᠨ ᠭᠤᠤᠯ ᠰᠡᠳᠦᠪᠲᠦᠮᠦᠽᠧᠶ᠂ ᠣᠷᠣᠨ ᠨᠤᠲᠤᠭ᠎ᠤᠨ ᠰᠢ ᠵᠦᠴᠦᠭᠡ᠎ᠵᠢᠨ ᠲᠣᠭ᠍ᠯᠠᠯᠲᠠ ᠨᠢ ᠨᠠᠷᠠᠲᠤ ᠬᠥᠮᠦᠰ᠎ᠦᠨ ᠥᠯᠢᠭᠡᠷ᠂ ᠮᠢᠩ ᠤᠯᠤᠰᠴᠢᠩ ᠤᠯᠤᠰ᠎ᠤᠨ ᠪᠠᠷᠢᠯᠭ᠎ᠠ ᠲᠠᠢ 《ᠳᠣᠲᠣᠨᠣ ᠪᠡᠷ ᠠᠭᠤᠰᠤᠯᠴᠠᠵᠤ》 ᠁ 《ᠡᠷᠲᠡᠨ᠎ᠦ ᠪᠠᠷᠢᠯᠭ᠎ᠠ + ᠪᠣᠳᠠᠰ᠎ᠤᠨ ᠪᠤᠰᠤ ᠰᠣᠶᠣᠯ᠎ᠤᠨ ᠥᠪ》 ᠨᠢ ᠤᠨᠴᠠᠯᠢᠬ᠍ᠳᠤ ᠰᠣᠶᠣᠯᠵᠢᠭᠤᠯᠴᠢᠯᠠᠯᠢ ᠴᠣᠭ᠍ᠴᠠᠯᠠᠵᠤ᠂ ᠰᠠᠨ ᠹᠠᠩ ᠴᠢ ᠭᠤᠳᠤᠮᠵᠢᠶ᠋ᠢᠬᠠᠮᠠᠭᠠᠯᠠᠬᠤ ᠳᠤᠮᠳᠠ《ᠠᠮᠢᠳᠤᠯᠢᠭ᠍ᠵᠢᠭᠤᠯᠤᠨ》 ᠠᠱᠢᠭ᠍ᠯᠠᠬᠰᠠᠨ ᠨᠢ ᠠᠮᠢᠵᠢᠷᠠᠯ᠎ᠤᠨ ᠬᠦᠴᠦᠨ᠎ᠢ ᠦᠷᠭᠦᠯᠵᠢᠯᠡᠨ ᠪᠠᠳᠠᠷᠠᠭᠤᠯᠪᠠ᠃
《ᠴᠣᠩᠬᠣᠨ ᠭᠠᠳᠠᠨᠠᠬᠢ ᠲᠡᠷᠢᠭᠦᠯᠡᠭ᠌ᠴᠢ ᠴᠡᠴᠡᠭ ᠳᠤᠷ ᠰᠠᠷᠠᠨ᠎ᠤ ᠭᠡᠷᠡᠯ ᠲᠤᠰᠴᠤ᠂ ᠪᠦᠦᠷᠲᠦᠥᠷ ᠭᠡᠷᠡᠯ ᠤᠢᠮᠤᠢ ᠁》 ᠳᠠᠯ᠎ᠠ ᠭᠠᠷᠤᠭ᠍ᠰᠠᠨ ᠴᠧᠨ ᠶᠦᠩ ᠵᠢᠶᠠᠨ ᠪᠣᠯᠹᠦᠵᠧᠦ᠍ᠶ᠋ᠢᠨ ᠰᠠᠨ ᠹᠠᠩ ᠴᠢ ᠭᠤᠳᠤᠮᠵᠢ᠎ᠶ᠋ᠢᠨ ᠨᠢᠭᠡᠨ ᠰᠠᠢ᠌ᠨ ᠳᠤᠷ᠎ᠠ᠎ᠶ᠋ᠢᠨ ᠲᠠᠢᠯᠪᠤᠷᠢᠯᠠᠭ᠍ᠴᠢ ᠪᠣᠯᠤᠨ᠎ᠠ᠃ᠲᠡᠷᠡ ᠲᠠᠢᠯᠪᠤᠷᠢᠯᠠᠬᠤ ᠨᠢᠭᠡᠳᠦᠭᠡᠷ ᠦᠷᠳᠡᠭᠡ᠎ᠪᠡᠨ ᠯᠢᠨ ᠵᠢᠤᠸᠠᠢ ᠮᠢᠨᠦ ᠬᠠᠭᠤᠴᠢᠨ ᠰᠠᠭᠤᠴᠠ᠎ᠳᠤ ᠲᠤᠬᠢᠷᠠᠭᠤᠯᠬᠤᠳᠤᠷᠠᠲᠠᠢ᠂ ᠱᠢᠨ᠎ᠡ ᠪᠡᠷ ᠲᠤᠬᠢᠷᠠᠭᠤᠯᠤᠭᠰᠠᠨ ᠦᠵᠡᠭᠦᠯᠭᠡ᠎ᠶ᠋ᠢᠨ ᠲᠢᠩᠬᠢᠮ᠎ᠳᠦ ᠵᠢᠭᠤᠯᠴᠢᠯᠠᠭᠰᠠᠳ᠎ᠲᠤ 《ᠡᠬᠡᠨᠡᠷᠲᠡᠭᠡᠨ ᠪᠢᠴᠢᠭᠰᠡᠨ ᠵᠠᠬᠢᠳᠠᠯ》 ᠢ᠋ ᠤᠩᠱᠢᠵᠤ ᠥᠭ᠌ᠳᠡᠭ᠃
《ᠭᠡᠷᠡᠯ᠎ᠤᠨ ᠲᠡᠯᠭᠡᠴᠡ ᠳᠡᠭᠡᠷᠡᠬᠢ ᠦᠵᠡᠭ᠌ᠳᠡᠯ ᠨᠢ ᠵᠢᠭᠤᠯᠴᠢᠯᠠᠭᠰᠠᠳ᠎ᠢ ᠥᠪᠡᠷ᠎ᠦᠨ ᠪᠡᠶᠡᠪᠡᠷᠢᠶᠡᠨᠥᠩᠭᠡᠷᠡᠭᠦᠯᠦᠭᠰᠡᠨ ᠰᠢᠭ ᠰᠠᠨᠠᠭᠳᠠᠭᠤᠯᠵᠤ᠂ ᠮᠠᠰᠢ ᠤᠯᠠᠨ ᠬᠥᠮᠦᠨ ᠰᠣᠨᠣᠰᠤᠭᠠᠳ ᠪᠦᠷ ᠨᠢᠯᠪᠤᠰᠤ ᠤᠨᠠᠭᠠᠳᠠᠭ》᠃ ᠴᠧᠨᠶᠦᠩ ᠵᠢᠶᠠᠨ᠂ 《ᠯᠢᠨ ᠵᠢᠤᠸᠠᠢ ᠮᠢᠨᠦ ᠬᠠᠭᠤᠴᠢᠨ ᠰᠠᠭᠤᠴᠠ᠎ᠶ᠋ᠢᠨ ᠦᠵᠡᠭᠦᠯᠭᠡ᠎ᠶ᠋ᠢ ᠪᠦᠬᠦ᠌ ᠲᠠᠯᠠᠪᠠᠷᠲᠡᠰ ᠲᠡᠪᠰᠢᠭᠦᠯᠦᠭᠰᠡᠨ ᠨᠢ ᠰᠠᠨ ᠹᠠᠩ ᠴᠢ ᠭᠤᠳᠤᠮᠵᠢ᠎ᠶ᠋ᠢᠨ ᠰᠣᠶᠣᠯ᠎ᠤᠨ ᠥᠪ᠎ᠦᠨ ᠬᠠᠮᠠᠭᠠᠯᠠᠯᠲᠠ᠎ᠶ᠋ᠢᠨ ᠪᠤᠤᠬᠢᠶᠠᠪᠣᠯᠤᠨᠠ》 ᠭᠡᠪᠡ᠃
ᠵᠠᠰᠠᠯᠲᠠ ᠬᠠᠮᠠᠭᠠᠯᠠᠯᠲᠠ ᠨᠢ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠂ ᠡᠷᠲᠡᠨᠦᠪᠠᠷᠢᠯᠭᠠᠶ᠋ᠢᠨ ᠠᠮᠢ ᠨᠠᠰᠤ᠎ᠶ᠋ᠢ ᠦᠷᠭᠦᠯᠵᠢᠯᠡᠭᠦᠯᠦᠨ᠎ᠡ; ᠰᠣᠶᠣᠯ᠎ᠤᠨ ᠤᠯᠠᠮᠵᠢᠯᠠᠯ ᠨᠢᠨᠢᠭᠡ ᠦᠨᠳᠦᠰᠦᠲᠡᠨ᠎ᠦ ᠰᠦᠭ ᠰᠦᠨᠡᠰᠦ᠎ᠶ᠋ᠢ ᠤᠮᠳᠠᠯᠠᠨ᠎ᠠ᠃
《ᠭᠠᠳᠠᠭᠠᠳᠤ᠎ᠳᠤ ᠰᠠᠭᠤᠭ᠎ᠠ ᠮᠠᠰᠢ ᠤᠯᠠᠨ ᠬᠥᠮᠦᠰ ᠬᠠᠷᠢᠵᠤ ᠢᠷᠡᠭ᠌ᠰᠡᠨ᠎ᠦ᠎ᠪᠡᠨ ᠲᠠᠷᠠᠭ᠎ᠠ᠂ᠲᠤᠰᠭᠠᠢᠯᠠᠨ ᠰᠠᠨ ᠹᠠᠩᠴᠢ ᠭᠤᠳᠤᠮᠵᠢ᠎ᠪᠠᠷ ᠶᠠᠪᠤᠵᠤ ᠦᠵᠡᠬᠦ᠌ ᠪᠣᠯᠪᠠ》᠃ ᠰᠠᠨ ᠹᠠᠩᠴᠢ ᠭᠤᠳᠤᠮᠵᠢ᠎ᠳᠤ ᠲᠦᠷᠦᠵᠤ ᠥᠰᠦᠭ᠌ᠰᠡᠨ ᠴᠧᠨ ᠶᠦᠩ ᠵᠢᠶᠠᠨ ᠡᠨᠳᠡ ᠭᠦᠨ ᠵᠤᠵᠠᠭᠠᠨᠬᠠᠢᠷᠠ ᠰᠡᠳᠭᠢᠯᠭᠡ᠎ᠲᠡᠶ ᠪᠠᠢᠵᠤ᠂ 《ᠪᠢ ᠬᠠᠷᠠᠬᠠᠨ ᠪᠠᠭᠠᠡᠴᠡᠪᠠᠨᠯᠢᠨ ᠽᠸ᠋ ᠱᠢᠤᠢ᠂ ᠱᠸᠨ ᠪᠦᠦ ᠵᠧᠨ ᠵᠡᠷᠭᠡ ᠴᠢᠩ ᠵᠤᠷᠢᠬ᠍ᠳᠠᠨᠤ ᠦᠯᠢᠬᠡᠷ᠎ᠢ ᠰᠣᠨᠣᠰᠴᠤ᠌ ᠥᠰᠦᠭ᠌ᠰᠡᠨ ᠶᠤᠮ᠂ᠲᠡᠷᠡ ᠬᠦ᠌ 〈ᠤᠯᠤᠰ ᠬᠦᠷᠤᠨᠳᠤᠷ ᠠᠰᠢᠭ ᠲᠠᠢ ᠪᠤᠯᠪᠠᠰᠤ ᠦᠬᠦᠵᠦ ᠰᠡᠬᠡᠬᠦᠡᠴᠡᠦᠯᠦ ᠰᠦᠷᠳᠡᠮᠤᠢ᠂ ᠬᠡᠷᠬᠢᠨ ᠵᠣᠪᠠᠯᠠᠩ᠎ᠡᠴᠡ ᠵᠠᠢᠯᠠᠵᠤ ᠪᠣᠯᠬᠤ ᠪᠤᠢ〉 ᠭᠡᠬᠦ᠌ ᠦᠨᠳᠦᠰᠦᠲᠡᠨ᠎ᠦ ᠴᠢᠩ ᠵᠣᠷᠢᠭ ᠨᠢ ᠨᠠᠮᠠᠶ᠋ᠢ ᠵᠣᠷᠢᠭ᠍ᠵᠢᠭᠤᠯᠪᠠ᠃ ᠤᠳᠤ ᠪᠢ ᠡᠨᠡᠡᠷᠲᠡᠨᠦ ᠪᠠᠷᠢᠯᠭ᠎ᠠ᠎ᠳᠤ ᠵᠣᠭ᠍ᠰᠣᠵᠤ ᠲᠡᠳᠡᠨ᠎ᠦ ᠦᠯᠢᠭᠡᠷ᠎ᠢ ᠶᠠᠷᠢᠵᠤ ᠪᠠᠢᠨ᠎ᠠ᠂ ᠨᠠᠩ ᠢᠲᠡᠭᠡᠯ᠎ᠲᠡᠶ᠂ ᠨᠠᠩᠢᠳᠡ ᠬᠦᠴᠦᠨ᠎ᠲᠡᠶ ᠪᠤᠯᠪᠠ》ᠭᠡᠪᠡ᠃
20ᠵᠢᠯᠦᠨᠡᠮᠦᠨᠡ᠂ ᠰᠢ ᠵᠢᠨ ᠫᠢᠩ ᠤᠷᠢᠯᠭ᠎ᠠ ᠪᠡᠷ 《ᠹᠦᠵᠧᠦ᠍ᠶ᠋ᠢᠨ ᠡᠷᠲᠡᠨ᠎ᠦ ᠪᠠᠷᠢᠯᠭ᠎ᠠ》 ᠭᠡᠬᠦ᠌ ᠨᠣᠮ᠎ᠤᠨ ᠣᠷᠣᠱᠢᠯᠢᠪᠢᠴᠢᠬᠦ᠌ᠳᠡᠭᠡᠨ᠄《ᠡᠷᠲᠡᠨ᠎ᠦ ᠪᠠᠷᠢᠯᠭ᠎ᠠ᠎ᠶ᠋ᠢ ᠰᠠᠢᠲᠤᠷ ᠬᠠᠮᠠᠭᠠᠯᠠᠵᠤ᠂ ᠲᠡᠦᠬᠡ᠎ᠶ᠋ᠢᠨ ᠳᠤᠷᠠᠰᠭᠠᠯᠲᠤ ᠵᠦᠢᠯᠡᠰᠢᠰᠠᠢᠲᠤᠷ ᠬᠠᠮᠠᠭᠠᠯᠠᠬᠤ ᠪᠣᠯ ᠳᠠᠷᠤᠢ ᠲᠡᠦᠬᠡ᠎ᠶ᠋ᠢ ᠬᠠᠳᠠᠭᠠᠯᠠᠬᠤ᠂ ᠬᠤᠳᠠ᠎ᠶ᠋ᠢᠨ ᠰᠣᠶᠣᠯ᠎ᠤᠨ ᠰᠤᠳᠠᠰᠤᠶ᠋ᠢᠬᠠᠳᠠᠭᠠᠯᠠᠬᠤ᠂ ᠲᠡᠦᠬᠡ ᠰᠣᠶᠣᠯ᠎ᠤᠨ ᠨᠡᠷᠡᠳᠤ ᠬᠤᠳᠠ᠎ᠶ᠋ᠢᠨ ᠦᠵᠡᠭᠳᠡᠳᠡᠭ ᠦᠭᠡᠢ ᠱᠢᠯᠢᠳᠡᠭ ᠤᠯᠠᠮᠵᠢᠯᠠᠯ᠎ᠢ ᠬᠠᠳᠠᠭᠠᠯᠠᠬᠤᠶᠠᠪᠤᠳᠠᠯ ᠪᠣᠯᠤᠨ᠎ᠠ ᠁ 》 ᠭᠡᠵᠦ᠍ ᠪᠢᠴᠢᠯ᠎ᠠ᠃
ᠣᠨ ᠵᠢᠯ ᠥᠩᠭᠡᠷᠡᠨ ᠤᠳᠤᠭᠰᠠᠨ ᠴᠤ᠌᠂ ᠬᠠᠢᠷ᠎ᠠ ᠰᠡᠳᠭᠢᠯᠭᠡ ᠨᠢᠭᠡ ᠯᠡ ᠬᠡᠪᠵᠢᠡᠷ᠃
ᠭᠤᠸᠠᠩᠵᠧᠦ᠍᠎ᠶ᠋ᠢᠨ ᠶᠦᠩ ᠴᠢᠩ ᠹᠠᠩ᠎ᠳᠤ ᠬᠦᠷᠴᠦ᠍ ᠰᠤᠷᠪᠤᠯᠵᠢᠯᠠᠬᠤ᠎ᠳᠠᠭᠠᠨ᠂《ᠬᠤᠲᠠ᠎ᠶ᠋ᠢᠨ ᠲᠥᠯᠥᠪᠵᠢᠭᠦᠯᠭᠡ ᠪᠠ ᠪᠦᠲᠦᠭᠡᠨ ᠪᠠᠢᠭᠤᠯᠤᠯᠲᠠ᠎ᠳᠤ ᠲᠡᠦᠬᠡ ᠰᠣᠶᠣᠯ᠎ᠤᠨ ᠬᠠᠮᠠᠭᠠᠯᠠᠯᠲᠠᠶ᠋ᠢᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ᠂ ᠠᠪᠤᠨ ᠳᠣᠣᠷ᠎ᠠ᠎ᠪᠠᠨ ᠠᠱᠢᠭ ᠤᠯᠬᠤ᠎ᠶ᠋ᠢ ᠬᠥᠭᠡᠭᠡᠴᠡᠯᠳᠦᠵᠤ ᠪᠤᠯᠬᠤᠦᠭᠡᠢ᠂ ᠶᠡᠬᠡᠪᠡᠷ ᠨᠤᠷᠠᠭᠠᠵᠤ ᠶᠡᠬᠡᠪᠡᠷ ᠪᠠᠢᠭᠤᠯᠵᠤ ᠪᠤᠯᠬᠤ ᠦᠭᠡᠢ》 ᠭᠡᠵᠦ᠍ ᠴᠢᠬᠤᠯᠠᠴᠢᠯᠠᠪᠠ;
ᠪᠡᠭᠡᠵᠢᠩ᠎ᠦᠨ ᠭᠤᠳᠤᠮᠵᠢ᠎ᠳᠤ ᠪᠠᠢᠴᠠᠭᠠᠬᠤ᠎ᠳᠠᠭᠠᠨ᠂ 《ᠬᠠᠭᠤᠴᠢᠨ ᠬᠤᠳᠠ᠎ᠶ᠋ᠢᠨ ᠲᠣᠭᠣᠷᠢᠭ᠎ᠢ ᠥᠭᠡᠷᠡᠴᠢᠯᠡᠨ ᠲᠡᠰ ᠳᠡᠪᠱᠢᠭᠦᠯᠬᠦ᠌᠎ᠶ᠋ᠢ ᠲᠡᠦᠬᠡ᠎ᠶ᠋ᠢᠨ ᠦᠯᠡᠳᠡᠭ᠌ᠳᠡᠯ᠎ᠢ ᠬᠠᠮᠠᠭᠠᠯᠠᠬᠤ᠂ ᠲᠡᠦᠬᠡ ᠰᠣᠶᠣᠯ᠎ᠤᠨ ᠰᠤᠳᠠᠰᠤ᠎ᠶ᠋ᠢ ᠬᠠᠳᠠᠭᠠᠯᠠᠬᠤ᠎ᠲᠠᠶ ᠨᠢᠭᠡᠳᠭᠡᠬᠦ᠌ ᠬᠡᠷᠡᠭ᠌ᠲᠡᠢ》ᠭᠡᠵᠦ᠍ ᠳᠤᠷᠠᠳᠪᠠ;
ᠫᠢᠩ ᠶᠣᠣ᠎ᠶ᠋ᠢᠨ ᠡᠷᠲᠡᠨ᠎ᠦ ᠬᠣᠲᠠ᠎ᠶ᠋ᠢᠨ ᠬᠡᠷᠡᠮ ᠳᠡᠭᠡᠷ᠎ᠡ ᠭᠠᠷᠴᠤ᠌᠂ 《ᠲᠡᠦᠬᠡ᠎ᠶ᠋ᠢ ᠬᠦᠨᠳᠦᠳᠭᠡᠵᠦ᠍᠂ ᠰᠣᠶᠣᠯ᠎ᠢ ᠬᠦᠨᠳᠦᠳᠭᠡᠵᠦ᠍᠂ ᠠᠮᠢ ᠠᠬᠤᠶ᠎ᠶ᠋ᠢ ᠬᠦᠨᠳᠦᠳᠭᠡᠬᠦᠬᠡᠷᠡᠭᠲᠡᠢ》 ᠭᠡᠵᠦᠱᠠᠭᠠᠷᠳᠠᠪᠠ;
᠁᠁
ᠶᠡᠷᠦᠩᠬᠡᠶ ᠱᠦᠵᠢ ᠰᠢ ᠵᠢᠨ ᠫᠢᠩ ᠲᠡᠦᠬᠡ ᠰᠣᠶᠣᠯ᠎ᠳᠤ ᠭᠦᠨ ᠵᠤᠵᠠᠭᠠᠨ ᠬᠠᠢᠷ᠎ᠠ ᠰᠡᠳᠭᠢᠯᠭᠡᠲᠡᠶᠪᠠᠢᠵᠤ᠂ ᠡᠷᠲᠡᠨ᠎ᠦ ᠵᠡᠭᠡᠯᠢ ᠡᠷᠲᠡᠨ᠎ᠦ ᠬᠣᠲᠠ᠎ᠶ᠋ᠢᠨ ᠬᠠᠮᠠᠭᠠᠯᠠᠯᠲᠠ᠎ᠶ᠋ᠢ ᠢᠮᠠᠭ᠍ᠲᠠ ᠳᠡᠭᠡᠳᠦ ᠬᠡᠮᠵᠢᠶᠡᠪᠡᠷᠴᠢᠬᠤᠯᠠᠴᠢᠯᠠᠵᠤ᠂ ᠦᠨᠳᠦᠰᠦᠲᠡᠨ᠎ᠦ ᠰᠣᠶᠣᠯ᠎ᠤᠨ ᠣᠭ ᠦᠨᠳᠦᠰᠦ᠎ᠶ᠋ᠢ ᠰᠠᠬᠢᠨ ᠬᠠᠮᠠᠭᠠᠯᠠᠭ᠍ᠰᠠᠭᠠᠷ ᠢᠷᠡᠵᠡᠶ᠃
《ᠤᠯᠠᠮᠵᠢᠯᠠᠯᠲᠤ ᠰᠣᠶᠣᠯ᠎ᠤᠨ ᠱᠢᠯᠢᠳᠡᠭ ᠵᠠᠯᠭᠠᠮᠵᠢᠯᠠᠭ᠍ᠴᠢ ᠪᠣᠯᠤᠶ᠎ᠠ》᠂ 《ᠳᠤᠮᠳᠠᠳᠤ᠎ᠶ᠋ᠢᠨ ᠦᠨᠳᠦᠰᠦᠲᠡᠨ᠎ᠦ ᠬᠡᠳᠦᠨ ᠮᠢᠩᠭᠠᠨ ᠵᠢᠯ᠎ᠦᠨ ᠲᠡᠦᠬᠡ᠎ᠶ᠋ᠢᠨ ᠳᠤᠮᠳᠠ ᠡᠭᠦᠳᠦᠨᠪᠦᠲᠦᠭᠡᠭ᠌ᠰᠡᠨ ᠪᠠ ᠦᠷᠭᠦᠯᠵᠢᠯᠡᠭᠦᠯᠦᠭ᠌ᠰᠡᠨ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ ᠪᠣᠯ ᠳᠤᠮᠳᠠᠳᠤᠶ᠋ᠢᠨᠦᠨᠳᠦᠰᠦᠲᠡᠨᠦ ᠦᠨᠳᠦᠰᠦ ᠪᠠ ᠰᠦᠭ ᠰᠦᠨᠡᠰᠦ ᠮᠥᠨ》᠂ 《ᠥᠷᠭᠡᠨ ᠳᠡᠯᠭᠡᠷ ᠭᠦᠨ ᠭᠦᠨᠵᠡᠭᠡᠢᠳᠤᠮᠳᠠᠳᠤᠶ᠋ᠢᠨ ᠱᠢᠯᠢᠳᠡᠭ ᠤᠯᠠᠮᠵᠢᠯᠠᠯᠲᠤ ᠰᠣᠶᠣᠯ ᠪᠣᠯ ᠪᠢᠳᠡᠨ᠎ᠦ ᠳᠡᠯᠡᠬᠡᠢ᠎ᠶ᠋ᠢᠨ ᠰᠣᠶᠣᠯ᠎ᠤᠨ ᠳᠣᠯᠭᠢᠰᠤᠯᠳᠤᠮᠳᠠᠪᠠᠲᠤ ᠵᠤᠭᠰᠤᠯᠲᠠ ᠲᠠᠢ ᠪᠠᠢᠬᠤ᠎ᠵᠢᠨ ᠦᠨᠳᠦᠰᠦ ᠰᠠᠭᠤᠷᠢ ᠮᠥᠨ》᠃
ᠵᠡᠭᠡᠯᠢ ᠭᠤᠳᠤᠮᠵᠢ᠎ᠶ᠋ᠢ ᠬᠠᠮᠠᠭᠠᠯᠠᠬᠤ᠎ᠡᠴᠡ ᠠᠪᠤᠭᠠᠳ ᠨᠢᠭᠡ ᠬᠤᠳᠠ᠎ᠶ᠋ᠢ ᠨᠠᠨᠳᠢᠩᠨᠠᠬᠤᠬᠦᠷᠲᠡᠯᠡ᠂ ᠲᠠᠬᠢᠭᠠᠳ ᠨᠢᠭᠡ ᠤᠯᠤᠰ᠎ᠢ ᠵᠠᠰᠠᠬᠤ ᠬᠦᠷᠲᠡᠯ᠎ᠡ᠂ ᠶᠡᠷᠦᠩᠬᠡᠢ ᠱᠦᠵᠢ ᠰᠢ ᠵᠢᠨ ᠫᠢᠩ᠎ᠦᠨ ᠰᠡᠳᠭᠢᠯ᠎ᠳᠦ᠂ᠰᠣᠶᠣᠯ᠎ᠤᠨ ᠬᠠᠢᠷ᠎ᠠ ᠰᠡᠳᠭᠢᠯᠭᠡ ᠨᠢ ᠭᠡᠷ᠎ᠤᠨ ᠶᠠᠪᠤᠳᠠᠯ ᠲᠦᠷᠦ᠍᠎ᠶ᠋ᠢᠨ ᠶᠠᠪᠤᠳᠠᠯ ᠳᠡᠯᠡᠬᠡᠢ ᠳ᠋ᠠᠬᠢᠨ᠎ᠤ ᠶᠠᠪᠤᠳᠠᠯ᠎ᠲᠠᠢ ᠠᠭᠤᠰᠤᠯᠴᠠᠵᠤ᠂ ᠲᠡᠦᠬᠡᠲᠦ ᠬᠠᠷᠢᠭᠤᠴᠠᠯᠭ᠎ᠠ ᠨᠢ ᠥᠴᠥᠭᠡᠳᠦᠷᠦᠨᠦᠳᠦᠷ ᠪᠠ ᠮᠠᠷᠭᠠᠰᠢ᠎ᠳᠤ ᠰᠢᠨᠭᠭᠡᠵᠦ ᠪᠠᠢᠨ᠎ᠠ᠃
(ᠱᠢᠨᠬᠤᠸᠠ ᠬᠣᠷᠢᠶᠠᠨ᠎ᠤ ᠰᠤᠷᠪᠤᠯᠵᠢᠯᠠᠭ᠍ᠴᠢ ᠵᠢᠶᠠᠩ ᠱᠢᠶᠤᠤ ᠱᠢᠤᠢ ᠱᠢᠤᠸᠠᠢ ᠢ ᠪᠦᠦ ᠢᠦᠢ ᠬᠠᠨ)
( ᠰᠢᠨᠬᠤᠸᠠ ᠬᠤᠷᠢᠶᠠᠨ᠎ᠤ ᠪᠡᠭᠡᠵᠢᠩ᠎ᠤᠨ5ᠰᠠᠷ᠎ᠠ᠎ᠶᠢᠨ16ᠤ᠋ᠴᠠᠬᠢᠯᠭᠠᠨ ᠮᠡᠳᠡᠭᠡ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃