ᠲᠤᠰᠬᠠᠢ ᠮᠡᠳᠡᠭᠡᠯᠡᠯ > ᠥᠪᠥᠷ ᠮᠣᠩᠭᠤᠯ᠎ᠤᠨ ᠰᠣᠶᠣᠯ᠎ᠤᠨ ᠠᠵᠢᠯᠯᠠᠭ᠎ᠠ᠎ᠶ᠋ᠢᠨ ᠤᠯᠠᠷᠢᠯ

2026-04-28 16:57:35

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠬᠠᠮᠳᠤᠯᠢᠭ ᠬᠢᠭᠡᠳ ᠵᠠᠯᠠᠭᠤ ᠤᠷᠠᠯᠢᠭᠴᠢᠳ ᠤ᠋ᠨ ᠲᠤᠭᠯᠠᠯᠳᠠ《5·1》 ᠤ᠋ ᠠᠮᠠᠷᠠᠯᠳᠠ ᠳ᠋ᠤ ᠪᠠᠶᠠᠷ ᠬᠦᠷ ᠨᠡᠮᠡᠷᠢᠯᠡᠨ᠎ᠠ

2026 ᠤᠨ ᠤ᠋《ᠠᠶᠠᠯᠭᠤᠳᠤ ᠵᠢᠭᠤᠯᠴᠢᠯᠠᠯ ᠦᠪᠦᠷ ᠮᠤᠨᠭᠭᠤᠯ》 ᠰᠤᠶᠤᠯ ᠤ᠋ᠨ ᠤᠯᠠᠷᠢᠯ ᠤ᠋ᠨ ᠠᠵᠢᠯᠯᠠᠭ᠎ᠠ ᠶ᠋ᠢᠨ ᠴᠢᠬᠤᠯᠠ ᠠᠭᠤᠯᠭ᠎ᠠ ᠶ᠋ᠢᠨ ᠨᠢᠭᠡ ᠪᠤᠯᠬᠤᠬᠠᠮᠳᠤᠯᠢᠭ ᠤ᠋ᠨ ᠲᠤᠰᠬᠠᠢ ᠲᠤᠭᠯᠠᠯᠳᠠ ᠪᠤᠯᠤᠨ ᠵᠠᠯᠠᠭᠤ ᠤᠷᠠᠯᠢᠭᠴᠢᠳ ᠤ᠋ᠨ ᠲᠤᠰᠬᠠᠢ ᠳᠠᠯᠠᠪᠠᠢ ᠲᠤᠭᠯᠠᠯᠳᠠ《5·1》 ᠤ᠋ ᠠᠮᠠᠷᠠᠯᠳᠠ ᠵᠢᠨ ᠬᠤᠭᠤᠴᠠᠭᠠᠨ ᠳ᠋ᠦ ᠬᠦᠬᠡᠬᠤᠳᠠᠨ᠎ᠠ ᠨᠢᠵᠢᠬᠢᠷ ᠶᠠᠪᠤᠭᠳᠠᠵᠦ᠂ ᠦᠨᠳᠦᠰᠦᠳᠡᠨᠤ᠋ ᠳᠠᠭᠤᠤ ᠬᠦᠭᠵᠢᠮ ᠪᠤᠯᠤᠨ ᠤᠷᠤᠰᠬᠠᠯ ᠳᠠᠭᠤᠤ ᠬᠦᠭᠵᠢᠮ ᠤ᠋ᠨ ᠴᠤᠭᠯᠠᠭᠠᠨ ᠢ᠋ᠶ᠋ᠡᠷ ᠠᠮᠠᠷᠠᠯᠳᠠ ᠵᠢᠨ ᠡᠳᠤᠷᠲᠦ᠍ ᠪᠠᠶᠠᠷ ᠬᠦᠷ ᠨᠡᠮᠡᠷᠢᠯᠡᠬᠦ ᠪᠤᠯᠤᠨ᠎ᠠ᠃


QQ20260428-165756.png


QQ20260428-165811.png


QQ20260428-165834.png


ᠤᠢᠯᠠᠭᠠᠭᠰᠠᠨ ᠵᠢᠡᠷ᠂ 4 ᠰᠠᠷ᠎ᠠᠶ᠋ᠢᠨ 28 ᠤ᠋ ᠤᠷᠤᠢ ᠤᠮᠠᠷᠠᠲᠤ ᠶ᠋ᠢᠨ ᠬᠥᠯ ᠪᠥᠮᠪᠥᠭᠡ ᠶ᠋ᠢᠨ ᠪᠣᠯᠪᠠᠰᠤᠷᠠᠯ ᠤ᠋ᠨ ᠰᠠᠭᠤᠷᠢᠨ ᠳ᠋ᠤ ᠶᠠᠪᠤᠭᠳᠠᠬᠤᠬᠠᠮᠳᠤᠯᠢᠭ ᠤ᠋ᠨ ᠲᠤᠰᠬᠠᠢ ᠲᠤᠭᠯᠠᠯᠳᠠ ᠳ᠋ᠤ ᠴᠠᠭᠠᠨ ᠬᠠᠮᠳᠤᠯᠢᠭ᠂ ᠬᠠᠨ ᠬᠦᠯᠦᠭ ᠬᠠᠮᠳᠤᠯᠢᠭ᠂ ᠳᠤᠯᠠᠭᠠᠨ ᠬᠠᠮᠳᠤᠯᠢᠭ᠂ᠰᠦᠬᠡ ᠵᠡᠷᠭᠡ 4 ᠱᠢᠨ᠎ᠡ ᠬᠠᠮᠳᠤᠯᠢᠭ ᠤ᠋ᠨ ᠬᠢᠨ ᠮᠣᠷᠢᠨ ᠬᠤᠭᠤᠷ᠂ ᠬᠥᠭᠡᠮᠡᠶ ᠠᠭᠤᠰᠤᠯᠴᠠᠭ᠍ᠰᠠᠨ ᠣᠳᠣ ᠦᠶ᠎ᠡᠶ᠋ᠢᠨ ᠬᠥᠭ᠌ᠵᠢᠮ ᠤ᠋ᠨ ᠨᠠᠢᠷᠠᠯᠭ᠎ᠠ ᠲᠠᠢ ᠷᠣᠺ ᠳᠠᠭᠤᠤ᠂ ᠣᠷᠳᠣᠰ ᠤ᠋ᠨ ᠠᠷᠠᠳ ᠤ᠋ᠨ ᠳᠠᠭᠤᠤ᠂ ᠬᠣᠷᠴᠢᠨ ᠠᠷᠠᠳᠤ᠋ᠨ ᠳᠠᠭᠤᠤ᠂ ᠦᠯᠢᠭᠡᠷ ᠵᠡᠷᠭᠡ ᠤᠷᠠᠯᠢᠭ ᠢ᠋ ᠣᠳᠣ ᠦᠶ᠎ᠡ ᠶ᠋ᠢᠨ ᠬᠠᠷᠠᠭᠠᠰᠤ ᠡᠴᠡ ᠤᠯᠠᠮᠵᠢᠯᠠᠨ ᠲᠤᠭᠯᠠᠨ᠎ᠠ; ᠥᠪᠥᠷ ᠮᠣᠩᠭᠣᠯ ᠤ᠋ᠨ ᠵᠠᠯᠠᠭᠤ ᠳᠠᠭᠤᠴᠢᠨ ᠰᠤᠶᠤᠯᠴᠡᠴᠡᠭ ᠤ᠋ᠨ ᠲᠤᠰᠬᠠᠢ ᠲᠣᠭ᠍ᠯᠠᠯᠲᠠ ᠨᠢᠤᠤᠭᠠᠯ ᠪᠦᠲᠦᠭᠡᠯ ᠢ᠋ᠶ᠋ᠡᠷ ᠭᠤᠤᠯᠯᠠᠭᠤᠯᠤᠨ᠂ ᠣᠲᠣ ᠦᠶ᠎ᠡ ᠶ᠋ᠢᠨ ᠲᠠᠢᠰᠠᠨ ᠤ᠋ ᠤᠷᠠᠯᠢᠭ ᠪᠠ ᠥᠪᠥᠷ ᠮᠣᠩᠭᠣᠯᠤ᠋ᠨ ᠳᠠᠭᠤᠤ ᠤᠷᠠᠯᠢᠭ ᠢ᠋ ᠠᠭᠤᠰᠬᠠᠵᠤ᠂ ᠤᠯᠠᠭᠠᠨᠮᠥ᠋ᠴᠢᠷ ᠤ᠋ᠨ ᠭᠡᠱᠢᠭᠦᠳ ᠤ᠋ᠨ ᠤᠭ ᠰᠠᠨᠠᠭ᠎ᠠ ᠬᠢᠭᠡᠳ ᠡᠬᠦᠷᠭᠡᠬᠠᠷᠢᠭᠤᠴᠠᠯᠭᠠᠳᠦ ᠰᠡᠳᠬᠢᠯ ᠢ᠋ ᠢᠯᠡᠷᠡᠬᠦᠯᠤᠨ᠂ ᠴᠠᠭ ᠦᠶ᠎ᠡ ᠶ᠋ᠢᠨ ᠴᠤᠭ ᠵᠢᠪᠬᠤᠭ᠎ᠠ ᠵᠢ ᠬᠠᠷᠠᠭᠤᠯᠵᠤ᠂ 4 ᠰᠠᠷ᠎ᠠᠶ᠋ᠢᠨ 29 ᠤ᠋ ᠤᠷᠤᠢ ᠤᠮᠠᠷᠠᠲᠤ ᠶ᠋ᠢᠨ ᠬᠥᠯ ᠪᠥᠮᠪᠥᠭᠡ ᠶ᠋ᠢᠨ ᠪᠣᠯᠪᠠᠰᠤᠷᠠᠯ ᠤ᠋ᠨ ᠰᠠᠭᠤᠷᠢᠨ ᠳ᠋ᠤ ᠶᠠᠪᠤᠭᠳᠠᠨ᠎ᠠ; ᠥᠪᠥᠷᠮᠣᠩᠭᠣᠯ ᠤ᠋ᠨ ᠵᠠᠯᠠᠭᠤ ᠳᠠᠭᠤᠴᠢᠨ ᠤᠯᠠᠭᠠᠨᠲᠤᠶᠠᠭ᠎ᠠ ᠶ᠋ᠢᠨ《ᠳᠡᠯᠭᠡᠷᠡᠬᠦ᠌ ᠳᠥᠷᠪᠡᠨ ᠤᠯᠠᠷᠢᠯ》 ᠲᠤᠭᠯᠠᠯᠳᠠ 5 ᠰᠠᠷ᠎ᠠ ᠶ᠋ᠢᠨ 1 ᠤ᠋ ᠤᠷᠤᠢ ᠤᠮᠠᠷᠠᠲᠤ ᠶ᠋ᠢᠨ ᠬᠥᠯ ᠪᠥᠮᠪᠥᠭᠡ ᠶ᠋ᠢᠨ ᠪᠣᠯᠪᠠᠰᠤᠷᠠᠯᠤ᠋ᠨ ᠰᠠᠭᠤᠷᠢᠨ ᠳ᠋ᠤ ᠶᠠᠪᠤᠭᠳᠠᠵᠤ᠂ ᠲᠡᠷᠡ ᠲᠤᠰ ᠲᠣᠭ᠍ᠯᠠᠯᠲᠠ ᠳ᠋ᠠᠭᠠᠨ ᠱᠢᠨ᠎ᠡ ᠵᠢ ᠡᠭᠦᠳᠤᠨ᠂ ᠮᠣᠷᠢᠨ ᠬᠤᠭᠤᠷᠪᠣᠯᠤᠨ ᠡᠯᠧᠺᠲᠷᠤᠨ ᠭᠢᠲ᠋ᠠᠷ ᠢ᠋ ᠨᠡᠢᠯᠡᠬᠦᠯᠦᠨ ᠬᠦᠭᠵᠢᠮᠳᠡᠵᠦ᠂ ᠬᠥᠭᠡᠮᠡᠢ ᠪᠣᠯᠤᠨ ᠡᠯᠧᠺᠲᠷᠤᠨ ᠬᠦᠭᠵᠢᠮ ᠵᠡᠷᠭᠡᠣᠯᠠᠨ ᠡᠯᠧᠮᠧᠨ᠋ᠲ ᠢ᠋ ᠤᠶᠠᠯᠳᠤᠭᠤᠯᠤᠨ᠂ ᠦᠨᠳᠦᠰᠦᠲᠡᠨ ᠤ᠋ ᠳᠠᠭᠤᠤ ᠬᠥᠭ᠌ᠵᠢᠮ ᠪᠠ ᠣᠲᠣ ᠦᠶ᠎ᠡ ᠶ᠋ᠢᠨ ᠤᠷᠤᠰᠭᠠᠯᠳᠠᠭᠤᠤ ᠶ᠋ᠢ ᠠᠮᠢᠳᠤᠯᠢᠭ ᠢ᠋ᠶ᠋ᠠᠷ ᠢᠯᠡᠷᠡᠭᠦᠯᠦᠨ᠎ᠠ; ᠵᠠᠯᠠᠭᠤ ᠳᠠᠭᠤᠴᠢᠨ ᠬᠦᠰᠡᠯᠡᠩ ᠪᠤᠯᠤᠨ ᠪᠥᠵᠢᠭ᠌ᠴᠢᠨᠯᠢ ᠲᠡᠭᠵᠢᠨ ᠤ᠋《ᠭᠤᠶᠤᠬᠠᠨ ᠳ᠋ᠠ》 ᠲᠣᠭ᠍ᠯᠠᠯᠲᠠ5 ᠰᠠᠷ᠎ᠠ ᠶ᠋ᠢᠨ 2 ᠤ᠋ᠨ ᠤᠷᠤᠢ ᠤᠮᠠᠷᠠᠲᠤ ᠶ᠋ᠢᠨ ᠬᠥᠯ ᠪᠥᠮᠪᠥᠭᠡ ᠶ᠋ᠢᠨ ᠪᠣᠯᠪᠠᠰᠤᠷᠠᠯ ᠤ᠋ᠨ ᠰᠠᠭᠤᠷᠢᠨ ᠳ᠋ᠤᠶᠠᠪᠤᠭᠳᠠᠵᠤ᠂ ᠲᠡᠳᠡ ᠲᠤᠰ ᠲᠤᠭᠯᠠᠯᠳᠠ ᠳ᠋ᠠᠭᠠᠨ《ᠮᠢᠩᠭᠠᠨ ᠲᠤᠰᠬᠤᠨ ᠵᠠᠭᠤᠨᠳᠠᠯᠠᠪᠠᠢ》ᠲᠣᠭᠣᠷᠢᠨ ᠲᠣᠭ᠍ᠯᠠᠬᠤ ᠪᠦᠯᠬᠦᠮ ᠤ᠋ᠨ ᠬᠢᠨ ᠲᠠᠢ ᠬᠠᠮᠳᠤᠷᠠᠨᠳᠠᠭᠤᠯᠠᠬᠤᠶ᠂ ᠬᠥᠭ᠌ᠵᠢᠮᠳᠡᠬᠦᠶ ᠪᠣᠯᠤᠨ ᠪᠥᠵᠢᠭ᠌ ᠵᠡᠷᠭᠡ ᠣᠯᠠᠨ ᠵᠦᠶ᠋ᠯ ᠤ᠋ᠨ ᠤᠷᠠᠯᠢᠭ ᠤ᠋ᠨ ᠬᠡᠯᠪᠡᠷᠢ ᠵᠢᠠᠭᠤᠰᠤᠯᠴᠠᠭᠤᠯᠵᠤ᠂ ᠦᠵᠡᠭ᠌ᠴᠢᠳ ᠲᠦ᠍ ᠦᠵᠡᠯ ᠰᠠᠨᠠᠭ᠎ᠠ ᠬᠦᠨᠵᠡᠬᠡᠢ᠂ ᠤᠷᠠᠯᠢᠭᠴᠢ ᠴᠢᠨᠠᠷ ᠴᠢᠩᠭ᠎ᠠ᠂ ᠰᠤᠶᠤᠯᠤ᠋ᠨ ᠤᠳᠬ᠎ᠠ ᠰᠠᠨᠠᠭ᠎ᠠ ᠬᠦᠨᠵᠡᠬᠡᠢ ᠲᠤᠭᠯᠠᠯᠳᠠ ᠵᠢ ᠰᠤᠨᠢᠷᠬᠠᠭᠤᠯᠬᠤ ᠪᠤᠯᠤᠨ᠎ᠠ; ᠵᠠᠯᠠᠭᠤ ᠳᠠᠭᠤᠴᠢᠨ ᠬᠠᠯᠢᠨ ᠤ᠋ 《ᠦᠨᠦᠰᠦᠶ᠎ᠠ》ᠲᠤᠰᠬᠠᠢ ᠲᠤᠭᠯᠠᠯᠳᠠ 5 ᠰᠠᠷ᠎ᠠ ᠶ᠋ᠢᠨ 5 ᠤ᠋ ᠤᠷᠤᠢ ᠤᠮᠠᠷᠠᠲᠤ ᠶ᠋ᠢᠨ ᠬᠥᠯ ᠪᠥᠮᠪᠥᠭᠡᠶ᠋ᠢᠨ ᠪᠣᠯᠪᠠᠰᠤᠷᠠᠯ ᠤ᠋ᠨ ᠰᠠᠭᠤᠷᠢᠨ ᠳ᠋ᠤ ᠶᠠᠪᠤᠭᠳᠠᠵᠦ᠂ ᠤᠤᠭᠠᠯ ᠪᠦᠳᠦᠭᠡᠯ ᠵᠢᠡᠷ ᠭᠤᠤᠯᠳᠠᠭᠤᠯᠤᠨ᠂ ᠦᠨᠳᠦᠰᠦᠳᠡᠨᠤ᠋ ᠳᠠᠭᠤᠤ ᠤᠷᠠᠯᠢᠭ ᠤ᠋ᠨ ᠰᠤᠩᠭᠤᠳᠠᠭ ᠪᠦᠳᠦᠬᠡᠯ ᠢ᠋ ᠳᠠᠭᠤᠯᠠᠬᠤ ᠪᠤᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面