2026-10-19 17:11:14
— ᠠᠯᠪᠠᠨ ᠶᠠᠪᠤᠳᠠᠯ᠎ᠢᠶᠠᠷ ᠪᠡᠶ᠎ᠡ ᠦᠷᠡᠭᠳᠡᠭᠰᠡᠨ ᠠᠷᠠᠳ᠎ᠤᠨ ᠴᠠᠭᠳᠠᠭ᠎ᠠ ᠴᠧᠨ ᠵᠢᠶᠠ ᠰᠢᠨ᠎ᠢ ᠨᠡᠬᠡᠮᠵᠢᠯᠡᠨ ᠲᠡᠮᠳᠡᠭᠯᠡᠪᠡ
ᠲᠦᠷᠦᠬᠦᠬᠡᠨ᠂ ᠪᠤᠭᠤᠲᠤ ᠬᠤᠳᠠ᠎ᠶᠢᠨ ᠣᠷᠣᠰᠢᠭᠤᠯᠭ᠎ᠠ᠎ᠶᠢᠨ ᠭᠠᠵᠠᠷ᠎ᠤᠨ ᠰᠠᠯᠤᠯᠲᠠᠬᠢᠬᠦ ᠲᠢᠩᠬᠢᠮ ᠳ᠋ᠤ ᠲᠥᠪ ᠬᠢᠴᠢᠶᠡᠩᠭᠦᠢ᠂ ᠭᠠᠰᠢᠭᠤᠳᠠᠯ᠎ᠤᠨ ᠠᠶᠠᠰ ᠨᠠᠮ ᠴᠤᠤᠷᠢᠶᠠᠯᠠᠨ᠎ᠠ᠃ 《ᠴᠧᠨ ᠵᠢᠶᠠ ᠰᠢᠨ ᠨᠥᠬᠥᠷ᠎ᠢ ᠡᠮᠭᠡᠨᠢᠨ ᠭᠠᠰᠢᠭᠤᠳᠠᠶ᠎ᠠ》 ᠭᠡᠬᠦ ᠬᠠᠷ᠎ᠠ ᠳᠡᠪᠢᠰᠬᠡᠷᠲᠦ ᠴᠠᠭᠠᠨ ᠦᠰᠦᠭᠳᠤ ᠬᠥᠨᠳᠡᠯᠡᠨ ᠪᠢᠴᠢᠭᠡᠰᠦ᠎ᠶᠢᠨ ᠳᠣᠣᠷ᠎ᠠ ᠲᠠᠯ᠎ᠠ ᠳ᠋ᠤ ᠡᠨᠡ ᠬᠦ᠌ 30 ᠨᠠᠰᠤᠲᠠᠢ ᠪᠡᠶ᠎ᠠ ᠦᠷᠡᠭᠳᠡᠭᠰᠡᠨ ᠡᠮᠡᠭᠲᠡᠢ ᠴᠠᠭᠳᠠᠭ᠎ᠠ᠎ᠶᠢᠨ ᠬᠦᠷᠦᠭ᠎ᠢ ᠡᠯᠬᠦᠬᠡᠰᠦᠳᠡᠢ ᠪᠠᠢᠯ᠎ᠠ᠃ ᠬᠣᠶᠠᠷ ᠲᠠᠯ᠎ᠠ᠎ᠶᠢᠨ ᠭᠠᠰᠢᠭᠤᠳᠠᠯ᠎ᠤᠨ ᠤᠶᠠᠩᠭᠠᠳᠤ᠄ 《ᠪᠡᠶ᠎ᠠ ᠴᠤᠬᠴᠠᠰ᠎ᠢᠶᠡᠷ ᠢᠶᠡᠨ ᠲᠦᠭᠰᠢᠭᠦᠷᠢ᠎ᠶᠢ ᠲᠤᠯᠵᠤ ᠶᠡᠬᠡ ᠬᠠᠢᠷ᠎ᠠ᠎ᠵᠢ ᠢᠯᠡᠷᠡᠭᠦᠯᠵᠦ ᠠᠷᠢᠭᠤᠨ ᠴᠢᠰᠤᠪᠡᠷᠵᠢᠡᠨ ᠴᠠᠭᠳᠠᠭᠠᠬᠦᠮᠦᠨᠤ ᠰᠢᠳᠤᠷᠭᠤ ᠰᠦᠨᠡᠰᠦ᠎ᠶᠢ ᠴᠣᠭᠴᠠᠯᠠᠪᠠ》 ᠭᠡᠵᠦ ᠪᠢᠴᠢᠵᠡᠢ᠃ ᠴᠢᠨᠳᠠᠷ ᠳᠡᠭᠡᠷ᠎ᠡ ᠨᠢ ᠭᠠᠯ ᠤᠯᠠᠭᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠤᠭ᠎ᠢ ᠬᠤᠴᠢᠵᠤ᠂ ᠰᠣᠷᠭᠣᠭ ᠴᠡᠴᠡᠭ᠎ᠢᠶᠡᠷ ᠲᠡᠭᠦᠨ᠎ᠦ ᠵᠠᠯᠠᠭᠤ ᠴᠢᠷᠠᠢ ᠲᠦᠷᠬᠦ᠎ᠶᠢ ᠬᠦᠷᠢᠶᠡᠯᠡᠪᠠ᠃
ᠥᠪᠡᠷᠲᠡᠭᠡᠨ ᠵᠠᠰᠠᠬᠤ ᠣᠷᠣᠨ᠎ᠤ ᠳᠣᠲᠣᠭᠠᠳᠤ᠎ᠶᠢ ᠬᠠᠮᠠᠭᠠᠯᠠᠬᠤ ᠲᠢᠩᠬᠢᠮ᠂ ᠪᠤᠭᠤᠲᠤ ᠬᠣᠲᠠ᠎ᠶᠢᠨ ᠨᠠᠮ᠎ᠤᠨ ᠬᠣᠷᠢᠶ᠎ᠠ᠂ ᠬᠣᠲᠠ᠎ᠶᠢᠨ ᠵᠠᠰᠠᠭ᠎ᠤᠨ ᠣᠷᠳᠣᠨ᠂ ᠴᠢᠩᠱᠠᠨ ᠲᠣᠭᠣᠷᠢᠭ᠋᠎ᠤᠨ ᠨᠠᠮ᠎ᠤᠨ ᠬᠣᠷᠢᠶ᠎ᠠ᠂ ᠲᠣᠭᠣᠷᠢᠭ᠋᠎ᠤᠨ ᠵᠠᠰᠠᠭ᠎ᠤᠨ ᠣᠷᠳᠣᠨ᠎ᠤ ᠬᠣᠯᠪᠣᠭᠳᠠᠯ ᠪᠦᠬᠦᠢ ᠤᠳᠤᠷᠢᠳᠤᠯᠭ᠎ᠠ ᠬᠦᠷᠴᠦ ᠢᠷᠡᠪᠡ᠃ ᠪᠥᠬᠥ ᠬᠣᠲᠠ᠎ᠶᠢᠨ ᠠᠷᠠᠳ᠎ᠤᠨ ᠴᠠᠭᠳᠠᠭ᠎ᠠ ᠪᠤᠯᠤᠨ ᠲᠤᠰᠠᠯᠠᠬᠤ ᠴᠠᠭᠳᠠᠭ᠎ᠠ᠎ᠶᠢᠨ ᠲᠥᠯᠥᠭᠡᠯᠡᠭᠴᠢ ᠨᠠᠷ ᠬᠦᠷᠴᠦ ᠢᠷᠡᠪᠡ᠃ ᠲᠥᠷᠥᠯ ᠰᠠᠳᠤᠨ ᠨᠠᠢᠵᠠ ᠨᠥᠬᠥᠳ ᠨᠢ ᠴᠦ᠍ ᠬᠦᠷᠴᠦ ᠢᠷᠡᠪᠡ᠃ ᠲᠡᠳᠡ ᠬᠢᠴᠢᠶᠡᠩᠭᠦᠢᠯᠡᠨ ᠵᠣᠭᠰᠣᠵᠤ ᠨᠠᠮᠠᠨᠴᠢᠯᠠᠨ ᠭᠠᠰᠢᠭᠤᠳᠠᠵᠤ᠂ ᠴᠢᠨᠳᠠᠷ᠎ᠲᠤ ᠭᠤᠷᠪᠠᠨᠲᠠ ᠶᠣᠰᠣᠯᠠᠵᠤ᠂ ᠡᠴᠦᠰ᠎ᠦᠨ ᠰᠠᠯᠤᠯᠲᠠ ᠬᠢᠪᠡ᠃
ᠬᠡᠳᠦᠨ ᠡᠳᠦᠷ᠎ᠦᠨ ᠡᠮᠦᠨ᠎ᠡ᠂ ᠴᠢᠩᠱᠠᠨ ᠲᠣᠭᠣᠷᠢᠭ᠋᠎ᠤᠨ ᠴᠢᠯᠦᠭᠡᠲᠦ ᠵᠠᠮ᠎ᠤᠨ ᠲᠣᠮᠢᠯᠠᠭᠰᠠᠨ ᠰᠠᠯᠪᠤᠷᠢ ᠤᠯᠠᠨ ᠲᠦᠮᠡᠨ᠎ᠦ ᠲᠤᠰᠠᠯᠠᠮᠵᠢ ᠭᠤᠶᠤᠴᠢᠯᠠᠭᠰᠠᠨ ᠮᠡᠳᠡᠭᠦᠯᠦᠯᠲᠡ᠎ᠶᠢ ᠲᠤᠰᠴᠤ᠂ ᠬᠥᠮᠥᠨ ᠠᠰᠠᠷ᠎ᠡᠴᠡ ᠬᠠᠷᠠᠢᠵᠤ ᠠᠮᠢ ᠪᠠᠨ ᠬᠤᠤᠷᠯᠠᠬᠤ ᠭᠡᠵᠦ ᠪᠠᠢᠨ᠎ᠠ ᠭᠡᠪᠡ᠃ ᠴᠧᠨ ᠵᠢᠶᠠ ᠰᠢᠨ ᠲᠡᠷᠡ ᠲᠤᠤᠷ᠎ᠠ ᠨᠢ ᠨᠦᠬᠦᠳ᠎ᠢᠶᠡᠨ ᠳᠠᠭᠠᠭᠤᠯᠤᠨ ᠲᠤᠬᠠᠢ᠎ᠶᠢᠨ ᠲᠠᠯᠠᠪᠠᠢ᠎ᠳᠤ ᠬᠦᠷᠪᠡ᠃ ᠲᠤᠬᠠᠢ᠎ᠶᠢᠨ ᠬᠥᠮᠥᠨ ᠭᠤᠳᠤᠷᠠᠨ ᠵᠤᠪᠠᠵᠤ ᠪᠠᠢᠬᠰᠠᠨ ᠪᠦᠬᠡᠳ ᠤᠷᠲᠤ ᠬᠤᠭᠤᠴᠠᠭ᠎ᠠ ᠵᠣᠭᠰᠣᠭᠰᠠᠨ᠎ᠡᠴᠡ ᠪᠣᠯᠵᠤ᠂ ᠪᠡᠶ᠎ᠡ ᠨᠢ ᠰᠠᠵᠢᠯᠠᠵᠤ᠂ ᠦᠵᠡᠳᠡᠯ᠎ᠡ ᠠᠰᠠᠷ ᠡᠴᠡ ᠤᠨᠠᠬᠤ ᠠᠶᠤᠯᠲᠠᠢ ᠪᠠᠢᠪᠠ᠃ ᠠᠶᠤᠯ ᠲᠦᠭᠰᠢᠭᠦᠷᠢ᠎ᠲᠠᠢ ᠵᠠᠩᠭᠢᠯᠠᠭ᠎ᠠ᠎ᠶᠢᠨ ᠦᠶ᠎ᠡ᠎ᠳᠦ᠂ ᠴᠧᠨ ᠵᠢᠶᠠ ᠰᠢᠨ ᠴᠡᠭᠡᠵᠢ ᠲᠦᠷᠢᠨ ᠭᠠᠷᠴᠤ᠂ ᠴᠣᠩᠬᠣ᠌ ᠵᠢᠨ ᠲᠤᠳᠤᠷ᠎ᠠ ᠲᠠᠯ᠎ᠠ᠎ᠡᠴᠡ ᠲᠤᠬᠠᠢ᠎ᠶᠢᠨ ᠬᠥᠮᠥᠨ᠎ᠦ ᠪᠠᠢᠭ᠎ᠠ ᠲᠠᠪᠴᠠᠩ ᠲᠡᠢᠰᠢ ᠦᠰᠦᠷᠦᠨ ᠠᠪᠤᠷᠠᠨ ᠲᠤᠰᠠᠯᠠᠬᠤ ᠦᠶ᠎ᠡ᠎ᠳᠦ ᠰᠠᠨᠠᠭᠠᠨ᠎ᠳᠤ ᠦᠭᠡᠢ ᠡᠨᠳᠡᠯ ᠭᠠᠷᠴᠤ᠂ ᠵᠣᠯ ᠪᠤᠰᠤ᠎ᠪᠠᠷ ᠪᠡᠶ᠎ᠡ ᠦᠷᠡᠭᠳᠡᠪᠡ᠃ ᠡᠴᠦᠰ᠎ᠲᠡᠬᠡᠨ᠂ ᠠᠮᠢ ᠪᠠᠨ ᠬᠤᠤᠷᠯᠠᠬᠤ ᠬᠡᠰᠡᠨ ᠬᠦᠮᠦᠨ ᠠᠮᠵᠢᠯᠲᠠ᠎ᠲᠠᠢ ᠪᠡᠷ ᠠᠪᠤᠷᠠᠭᠳᠠᠪᠠ᠃
ᠲᠡᠷᠡ ᠢᠩᠬᠢᠵᠤ ᠭᠡᠨᠡᠳᠲᠡ ᠪᠡᠷ ᠮᠠᠨᠤᠰ ᠡᠴᠡ ᠰᠠᠯᠤᠭᠠᠳ ᠶᠠᠪᠤᠴᠢᠬᠠᠯ᠎ᠠ᠃ ᠲᠡᠷᠡ ᠪᠣᠯᠣᠳ ᠲᠡᠮᠦᠷ ᠪᠢᠰᠢ᠂ ᠬᠠᠷᠢᠨ ᠭᠡᠷ᠎ᠦᠨ ᠬᠥᠮᠥᠰᠦᠨᠵᠢᠡᠨ ᠰᠡᠳᠬᠢᠯ ᠳ᠋ᠡᠬᠢ ᠬᠠᠢᠷᠠᠳᠠᠢ ᠬᠦᠮᠦᠨ᠂ ᠲᠡᠷᠡ ᠴᠤᠭᠯᠢᠭ᠂ ᠰᠢᠯᠤᠭᠤᠬᠠᠨ᠌᠂ ᠡᠶᠡᠯᠳᠡᠭ ᠴᠠᠢᠯᠭᠠᠨ ᠵᠠᠯᠠᠭᠤ ᠬᠡᠦᠬᠡᠨ᠃ ᠭᠡᠪᠡᠴᠦ ᠪᠤᠷᠤᠪᠲᠤᠷ ᠬᠥᠬᠡ ᠴᠠᠭᠳᠠᠭᠠᠨ ᠬᠤᠪᠴᠠᠰᠤ᠎ᠪᠠᠨ ᠡᠮᠦᠰᠪᠡᠯ᠂ ᠲᠡᠷᠡ ᠦᠴᠦᠬᠡᠨ ᠴᠤ᠌ ᠡᠷᠡᠭᠡᠯᠵᠡᠯ ᠦᠭᠡᠢ ᠡᠷᠡᠰ ᠰᠢᠭᠤᠷᠬᠠᠢ᠎ᠪᠡᠷ ᠠᠶᠤᠯ᠎ᠢ ᠰᠥᠷᠴᠦ ᠤᠷᠤᠭᠰᠢᠯᠠᠳᠠᠭ᠃ ᠠᠶᠤᠯ ᠲᠦᠭᠰᠢᠭᠦᠷᠢᠲᠦ ᠴᠠᠭ ᠮᠥᠴᠡ᠎ᠳᠦ᠂ ᠲᠡᠷᠡ ᠨᠢᠭᠡ ᠰᠧᠺᠦ᠋ᠨ᠋ᠳ᠋ ᠴᠦ᠍ ᠲᠠᠳᠠᠭᠠᠯᠵᠠᠬᠰᠠᠨ ᠦᠭᠡᠢ; ᠦᠬᠦᠵᠦ ᠰᠡᠬᠡᠬᠦ᠎ᠶᠢᠨ ᠳᠠᠪᠠᠭᠠᠨ ᠳᠡᠭᠡᠷ᠎ᠡ᠂ ᠲᠡᠷᠡ ᠶᠡᠬᠡ ᠬᠠᠢᠷ᠎ᠠ᠎ᠶᠢ ᠰᠣᠩᠭᠣᠪᠠ᠃ ᠭᠤᠴᠢᠨ ᠨᠠᠰᠤᠨ᠎ᠤ ᠬᠠᠮᠤᠭ᠎ᠤᠨ ᠰᠠᠢᠨ ᠰᠠᠢᠬᠠᠨ ᠵᠠᠯᠠᠭᠤ ᠨᠠᠰᠤ᠎ᠪᠠᠷ 《ᠠᠷᠠᠳ᠎ᠤᠨ ᠳᠣᠲᠣᠭᠠᠳᠤ᠎ᠶᠢ ᠬᠠᠮᠠᠭᠠᠯᠠᠬᠤ ᠪᠠᠢᠭᠤᠯᠭ᠎ᠠ ᠠᠷᠠᠳ ᠲᠦᠮᠡᠨ᠎ᠦ ᠲᠥᠯᠥᠭᠡ》 ᠭᠡᠬᠦ ᠪᠠᠲᠤ ᠲᠠᠩᠭᠠᠷᠢᠭ᠋ᠢ ᠲᠠᠢᠯᠪᠤᠷᠢᠯᠠᠪᠠ᠃
6 ᠰᠠᠷ᠎ᠠ᠎ᠶᠢᠨ 6᠎ᠤ᠋ ᠡᠳᠦᠷ᠂ ᠴᠧᠨ ᠵᠢᠶᠠ ᠰᠢᠨ ᠵᠢᠷᠬᠢᠶ᠎ᠡ᠎ᠵᠢᠨ ᠨᠠᠢᠵᠠ᠎ᠶᠢᠨ ᠲᠣᠭᠣᠷᠢᠭ᠋᠎ᠲᠠᠭᠠᠨ᠄ 《6 ᠰᠠᠷ᠎ᠠ᠎ᠶᠢᠨ 6 ᠤ᠋ ᠡᠳᠦᠷ᠂ ᠭᠠᠷᠠᠭ᠎ᠤᠨ ᠵᠢᠷᠭᠤᠭᠠᠨ᠂ ᠡᠭᠦᠷᠢᠳᠡ 18 ᠨᠠᠰᠤ ᠪᠡᠷ᠎ᠢᠶᠡᠨ! ᠪᠠᠶᠠᠷ ᠵᠢᠷᠭᠠᠯ ᠳᠠᠬᠢᠨ᠎ᠢᠶᠠᠷ ᠨᠡᠮᠡᠭᠳᠡᠨ᠎ᠡ!》 ᠭᠡᠵᠦ ᠪᠢᠴᠢᠪᠡ᠃ ᠲᠡᠷᠡ ᠡᠳᠦᠷ ᠪᠣᠯ ᠲᠡᠭᠦᠨ᠎ᠦ 30 ᠨᠠᠰᠤᠨ᠎ᠤ ᠲᠥᠷᠥᠭᠰᠡᠨ ᠡᠳᠦᠷ᠎ᠦᠨ ᠪᠠᠶᠠᠷ ᠪᠣᠯᠣᠨ᠎ᠠ᠃ ᠵᠥᠪᠬᠡᠨ 12 ᠡᠳᠦᠷ᠎ᠦᠨ ᠬᠢᠨᠢ ᠳᠠᠷᠠᠭ᠎ᠠ᠂ ᠨᠢᠭᠡ ᠤᠳᠠᠭ᠎ᠠ᠎ᠵᠢᠨ ᠴᠠᠭᠳᠠᠭ᠎ᠠ ᠵᠢᠨ ᠠᠯᠪᠠ ᠬᠦᠢᠴᠡᠳᠭᠡᠯᠳᠡ᠂ ᠨᠢᠭᠡ ᠤᠳᠠᠭ᠎ᠠ᠎ᠵᠢᠨ ᠠᠪᠤᠷᠠᠨ ᠲᠤᠰᠠᠯᠠᠯᠲᠠ ᠲᠤᠮᠳᠠ ᠲᠡᠷᠡ ᠡᠢᠨᠬᠦ ᠦᠷᠡᠭᠳᠡᠪᠡ᠃
2016 ᠣᠨ᠎ᠳᠤ᠂ ᠴᠧᠨ ᠵᠢᠶᠠ ᠰᠢᠨ ᠨᠢᠬᠡᠨ ᠠᠷᠠᠳ᠎ᠤᠨ ᠴᠠᠭᠳᠠᠭᠠᠪᠤᠯᠵᠤ᠂ ᠪᠤᠭᠤᠲᠤ ᠬᠤᠳᠠ᠎ᠶᠢᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠰᠦᠷᠳᠡᠭᠦᠯᠦᠯ᠎ᠢ ᠡᠰᠡᠷᠭᠦᠴᠡᠬᠦ ᠪᠠ ᠴᠠᠭᠳᠠᠨ ᠪᠠᠢᠴᠠᠭᠠᠬᠤ ᠣᠨᠴᠠ ᠴᠠᠭᠳᠠᠭ᠎ᠠ᠎ᠶᠢᠨ ᠰᠠᠯᠪᠤᠷᠢ ᠠᠩᠭᠢ᠎ᠳᠤ ᠬᠤᠪᠢᠶᠠᠭᠳᠠᠨ ᠠᠵᠢᠯᠯᠠᠪᠠ᠃ ᠪᠣᠯᠪᠠᠰᠤᠷᠠᠯ᠎ᠤᠨ ᠲᠠᠯᠠᠪᠠᠢ᠎ᠳᠤ᠂ ᠬᠦᠴᠦ ᠤᠬᠠᠭᠠᠨ᠎ᠢᠶᠡᠨ ᠦᠵᠡᠯᠴᠡᠵᠤ᠂ ᠴᠢᠳᠠᠯ ᠲᠡᠩᠬᠡᠭᠡ᠎ᠪᠡᠨ ᠪᠣᠯᠪᠠᠰᠤᠷᠠᠭᠤᠯᠵᠤ ᠂ ᠲᠡᠷᠡ ᠶᠡᠷᠦ᠎ᠡᠴᠡ ᠪᠤᠰᠤᠳ᠎ᠦᠨ ᠬᠤᠢᠨ᠎ᠠ ᠤᠷᠤᠭ᠎ᠠ ᠦᠭᠡᠢ᠃ 3 ᠺᠢᠯᠣᠮᠧᠲᠷ ᠤᠨ ᠬᠡᠭᠡᠷᠡᠯᠡᠨ ᠭᠦᠶᠦᠯᠳᠠ ᠳ᠋ᠤ᠂ ᠡᠷᠡᠭᠲᠡᠢ ᠬᠠᠮᠲᠤ ᠠᠵᠢᠯᠲᠠᠨ ᠨᠢ 12 ᠮᠢᠨᠦ᠋ᠲ᠎ᠤᠨ ᠪᠠᠷᠢᠮᠵᠢᠶ᠎ᠠ᠎ᠳᠤ ᠬᠦᠷᠦᠭᠰᠡᠨ ᠪᠠᠢᠪᠠᠯ ᠲᠡᠷᠡ ᠪᠠᠰᠠ 12 ᠮᠢᠨᠦ᠋ᠲ ᠭᠦᠶᠤᠳᠡᠭ᠃ 《ᠡᠷᠡᠭᠲᠡᠢ ᠬᠥᠮᠥᠨ᠎ᠦ ᠡᠭᠦᠷᠭᠡᠯᠡᠵᠦ ᠳᠡᠶ᠋ᠢᠯᠬᠦ ᠡᠭᠦᠷᠭᠡ᠎ᠶᠢ ᠪᠢ ᠪᠠᠰᠠ ᠡᠭᠦᠷᠭᠡᠯᠡᠵᠦ ᠴᠢᠳᠠᠨ᠎ᠠ》᠂ ᠡᠨᠡ ᠪᠣᠯ ᠲᠡᠭᠦᠨ᠎ᠦ ᠦᠷᠭᠦᠯᠵᠢ ᠶᠠᠷᠢᠳᠠᠭ ᠦᠭᠡ᠃ ᠨᠢᠭᠡ ᠤᠳᠠᠭᠠᠨ᠎ᠤ ᠪᠣᠯᠪᠠᠰᠤᠷᠠᠯ᠎ᠳᠤ ᠲᠡᠬᠦᠨ᠎ᠤ ᠨᠢᠷᠤᠭᠤ ᠨᠢ ᠰᠢᠷᠬᠠᠲᠤᠵᠤ ᠂ ᠡᠭᠦᠨ᠎ᠡᠴᠡ ᠬᠣᠢᠰᠢ ᠡᠪᠦᠯ ᠵᠤᠨ ᠭᠡᠰᠡᠨ ᠦᠭᠡᠢ ᠪᠦᠷ ᠨᠢᠷᠦᠭᠤ ᠵᠢᠨ ᠬᠠᠮᠠᠭᠠᠯᠠᠯᠳᠠ ᠵᠢᠨ ᠪᠦᠰᠡ ᠪᠦᠰᠡᠯᠡᠳᠡᠭ ᠪᠤᠯᠤᠬᠰᠠᠨ ᠶᠤᠮ᠃
《ᠵᠢᠶᠠ ᠰᠢᠨᠦ ᠵᠠᠩ ᠠᠭᠠᠰᠢ ᠨᠢ ᠡᠷᠡᠭᠲᠡᠢ ᠬᠡᠦᠬᠡᠳ ᠰᠢᠭ᠂ ᠡᠷᠡᠯᠬᠡᠭ ᠪᠠᠭᠠᠲᠤᠷᠯᠢᠭ᠋᠎ᠢᠶᠠᠷ ᠤᠷᠤᠭᠰᠢᠯᠠᠵᠤ᠂ ᠢᠮᠠᠬᠳᠠ ᠪᠡᠶ᠎ᠡ᠎ᠪᠡᠷ᠎ᠢᠶᠡᠨ ᠬᠡᠪ ᠳᠦᠷᠢᠮ ᠪᠣᠯᠵᠤ᠂ ᠬᠡᠷᠡᠭ᠎ᠢ ᠰᠢᠢᠳᠪᠦᠷᠢᠯᠡᠵᠦ᠂ ᠴᠠᠭᠳᠠᠭᠠᠨ᠎ᠤ ᠠᠯᠪᠠ ᠵᠢ ᠬᠦᠢᠴᠡᠳᠬᠡᠬᠦ ᠲᠤᠮᠳᠠ ᠡᠮᠦᠨ᠎ᠡ ᠡᠩᠨᠡᠭᠡᠨ᠎ᠳᠦ ᠬᠤᠰᠢᠭᠤᠷᠠᠭᠰᠠᠭᠠᠷ ᠢᠷᠡᠪᠡ》 ᠭᠡᠵᠦ ᠴᠢᠯᠦᠭᠡᠲᠦ ᠵᠠᠮ᠎ᠤᠨ ᠲᠣᠮᠢᠯᠠᠭᠰᠠᠨ ᠰᠠᠯᠪᠤᠷᠢ᠎ᠶᠢᠨ ᠵᠢᠭᠠᠨ ᠵᠢᠯᠣᠭᠣᠳᠤᠭ᠍ᠴᠢ᠎ᠲᠠᠢ ᠴᠠᠩ ᠴᠧᠩ ᠬᠡᠯᠡᠪᠡ᠃ ᠲᠡᠷᠡ ᠪᠣᠯ ᠪᠥᠬᠥ ᠬᠣᠲᠠ᠎ᠶᠢᠨ ᠴᠣᠷ᠎ᠤᠨ ᠭᠠᠭᠴᠠ ᠬᠡᠷᠡᠭ᠎ᠢ ᠭᠣᠣᠯᠯᠠᠨ ᠬᠠᠮᠢᠶᠠᠷᠴᠤ ᠪᠠᠢᠭ᠎ᠠ ᠡᠮᠡᠭᠲᠡᠢ ᠳᠡᠳ᠋ ᠰᠠᠯᠪᠤᠷᠢ᠎ᠵᠢᠨ ᠳᠠᠷᠤᠭ᠎ᠠ ᠪᠤᠯᠤᠨ᠎ᠠ᠃
ᠬᠡᠷᠡᠭ ᠡᠪᠳᠡᠵᠤ ᠲᠡᠢᠯᠬᠦ ᠨᠢᠬᠡᠨ ᠰᠢᠯᠭᠠᠷᠠᠬᠰᠠᠨ ᠴᠠᠭᠳᠠᠭ᠎ᠠ ᠪᠣᠯᠬᠤ ᠪᠣᠯ ᠴᠧᠨ ᠵᠢᠶᠠ ᠰᠢᠨᠦ ᠬᠦᠰᠡᠯ ᠵᠡᠭᠦᠳᠦ ᠪᠣᠯᠣᠨ᠎ᠠ᠃ 2018 ᠣᠨ᠎ᠳᠤ ᠰᠢᠩ ᠹᠦ ᠵᠠᠮ ᠲᠣᠮᠢᠯᠠᠭᠰᠠᠨ ᠰᠠᠯᠪᠤᠷᠢ᠎ᠳᠤ ᠠᠵᠢᠯᠯᠠᠵᠤ ᠪᠠᠢᠬᠤ ᠳ᠋ᠠᠭᠠᠨ᠂ ᠲᠡᠷᠡ ᠵᠠᠪᠤᠯᠳᠠᠮᠠᠬᠴᠠ ᠰᠠᠯᠪᠤᠷᠢ ᠵᠢᠨ ᠲᠠᠷᠤᠭ᠎ᠠ ᠪᠠᠨ ᠡᠷᠢᠵᠤ᠄《ᠪᠢ ᠬᠡᠷᠡᠭ᠎ᠢ ᠲᠠᠩᠨᠠᠨ ᠢᠯᠡᠷᠡᠭᠦᠯᠬᠦ ᠳᠤᠷᠠᠲᠠᠢ᠂ ᠨᠠᠳᠠ᠎ᠳ᠋ᠤ ᠬᠡᠷᠡᠭ ᠡᠪᠳᠡᠬᠦ ᠠᠵᠢᠯ ᠲᠠᠭᠠᠭᠠᠯᠭᠠᠬᠤ ᠦᠬᠡᠢ ᠪᠤᠯ ᠪᠦᠬᠦ ᠪᠡᠶ᠎ᠠ ᠡᠪᠬᠦᠢᠷᠡᠬᠦ ᠰᠢᠭ》ᠭᠡᠵᠦ ᠡᠬᠦᠷᠬᠡ ᠠᠪᠬᠤ ᠪᠡᠷ ᠴᠢᠷᠮᠠᠢᠳᠠᠭ᠃ ᠲᠡᠭᠡᠭᠡᠳ ᠳᠠᠷᠤᠭ᠎ᠠ ᠨᠢ ᠲᠡᠭᠦᠨ᠎ᠦ ᠬᠡᠷᠡᠭ ᠰᠢᠢᠳᠪᠦᠷᠢᠯᠡᠬᠦ ᠠᠩᠭᠢ᠎ᠳᠤ ᠣᠷᠣᠬᠤ᠎ᠶᠢ ᠵᠥᠪᠰᠢᠶᠡᠷᠡᠪᠡ᠃ 2025 ᠣᠨ᠎ᠳᠤ᠂ ᠴᠧᠨ ᠵᠢᠶᠠ ᠰᠢᠨ ᠲᠤᠰᠬᠠᠢ ᠠᠵᠢᠯᠯᠠᠭ᠎ᠠ᠎ᠳᠤ ᠣᠷᠣᠯᠴᠠᠵᠤ᠂ ᠬᠠᠮᠵᠢᠯᠴᠠᠬᠤ᠎ᠶᠢ ᠲᠡᠪᠴᠢᠭᠰᠡᠨ ᠬᠡᠷᠡᠭ᠎ᠲᠦ ᠬᠣᠯᠪᠣᠭᠳᠠᠭᠰᠠᠨ ᠬᠥᠮᠥᠰ᠎ᠦᠨ ᠡᠮᠦᠨ᠎ᠡ᠂ ᠲᠡᠷᠡ ᠡᠮᠡᠭᠲᠡᠢᠴᠦᠳ᠎ᠦᠨ ᠬᠠᠷᠠᠭᠠᠰᠤ ᠡᠴᠡ ᠲᠡᠳᠡᠨ ᠳ᠋ᠤ ᠰᠡᠳᠬᠢᠴᠡ᠎ᠶᠢᠨ ᠵᠢᠯᠣᠭᠣᠳᠤᠯᠭ᠎ᠠ ᠬᠢᠵᠦ᠂ ᠲᠡᠳᠡᠨ᠎ᠤ ᠰᠡᠳᠬᠢᠴᠡ ᠵᠢᠨ ᠰᠡᠷᠭᠡᠢᠯᠡᠯᠲᠡ᠎ᠶᠢᠨ ᠱᠤᠭᠤᠮ᠎ᠢ ᠠᠮᠵᠢᠯᠲᠠ᠎ᠲᠠᠢ ᠰᠢᠪᠲᠤᠯᠵᠤ᠂ ᠲᠠᠷᠠᠭ᠎ᠠ ᠨᠢ ᠬᠠᠮᠲᠤ ᠠᠵᠢᠯᠯᠠᠭᠰᠠᠳ᠎ᠲᠠᠢ᠎ᠪᠠᠨ ᠵᠠᠯᠭᠠᠭ᠎ᠠ᠎ᠪᠠᠷ 13 ᠡᠳᠦᠷ ᠲᠤ᠌ 5 ᠮᠤᠵᠢ᠎ᠳᠤ ᠬᠦᠷᠴᠦ᠂ 13 ᠶᠠᠯ᠎ᠠ ᠬᠢᠭᠰᠡᠨ ᠰᠡᠵᠢᠭᠲᠡᠨ᠎ᠢ ᠪᠦᠬᠦᠨ᠎ᠢ ᠪᠠᠷᠢᠪᠴᠢᠯᠠᠪᠠ᠃
2025 ᠣᠨ᠎ᠤ 2 ᠰᠠᠷ᠎ᠠ᠎ᠳᠤ᠂ ᠨᠢᠭᠡᠨ ᠬᠤᠳᠠ ᠵᠢᠨ ᠠᠷᠠᠳ ᠲᠡᠬᠦᠨ᠎ᠤ ᠲᠦᠷᠢᠶᠡᠰᠦᠯᠡᠵᠦ ᠭᠠᠷᠭᠠᠭᠰᠠᠨ 5 ᠮᠠᠰᠢᠨ ᠲᠡᠷᠭᠡ ᠨᠢ ᠬᠠᠷᠢᠯᠴᠠᠭ᠎ᠠ ᠲᠠᠰᠤᠷᠠᠵᠠᠢ ᠭᠡᠵᠦ ᠬᠡᠷᠡᠭ ᠮᠡᠳᠡᠭᠦᠯᠪᠡ᠂ ᠴᠧᠨ ᠵᠢᠶᠠ ᠰᠢᠨ ᠪᠡᠯᠡ ᠮᠥᠩᠭᠥᠨ᠎ᠦ ᠭᠦᠢᠯᠭᠡᠭᠡ᠎ᠶᠢᠨ ᠬᠠᠨᠳᠤᠰᠢ᠎ᠶᠢ ᠵᠤᠷᠪᠤᠰ ᠳᠠᠷᠠᠭᠠᠯᠠᠨ ᠡᠮᠬᠢᠯᠡᠵᠦ᠂ ᠲᠡᠷᠭᠡ ᠶᠠᠪᠤᠭᠰᠠᠨ ᠵᠠᠮ ᠮᠥᠷ᠎ᠲᠠᠢ ᠬᠠᠷᠢᠴᠠᠭᠤᠯᠵᠤ᠂ ᠣᠯᠠᠨ ᠬᠣᠰᠢᠭᠤ ᠰᠢᠶᠠᠨᠵᠢᠡᠷ ᠲᠡᠷᠭᠡ᠎ᠶᠢ ᠨᠡᠬᠡᠮᠵᠢᠯᠡᠵᠤ᠂ ᠲᠤᠬᠠᠢ᠎ᠵᠢᠨ ᠬᠦᠮᠦᠨ᠎ᠦ 100 ᠭᠠᠷᠤᠢ ᠲᠦᠮᠡᠨ ᠲᠥᠭᠥᠷᠢᠭ᠎ᠦᠨ ᠠᠵᠤ ᠠᠬᠤᠢ᠎ᠶᠢᠨ ᠬᠣᠬᠢᠷᠠᠯ᠎ᠢ ᠨᠢ ᠡᠭᠡᠭᠦᠯᠦᠨ ᠠᠪᠴᠢᠷᠠᠵᠤ ᠥᠭᠴᠡᠢ᠃
ᠨᠢᠭᠡ ᠵᠢᠯ᠎ᠳᠦ 15 ᠤᠳᠠᠭ᠎ᠠ ᠠᠵᠢᠯ᠎ᠢᠶᠡᠷ ᠭᠠᠳᠠᠭᠰᠢ ᠭᠠᠷᠴᠤ᠂ 70 ᠭᠠᠷᠤᠢ ᠡᠳᠦᠷ ᠨᠢ ᠭᠠᠳᠠᠨ᠎ᠠ ᠭᠠᠵᠠᠷ ᠠᠵᠢᠯᠯᠠᠳᠠᠭ᠃ 2024 ᠣᠨ᠎ᠳᠤ ᠳᠡᠳ᠋ ᠰᠠᠯᠪᠤᠷᠢ᠎ᠵᠢᠨ ᠳᠠᠷᠤᠭ᠎ᠠ ᠪᠣᠯᠤᠭᠰᠠᠨ᠎ᠡᠴᠡ ᠨᠠᠭᠠᠰᠢ᠂ ᠲᠡᠷᠡ ᠪᠡᠶ᠎ᠡ ᠪᠡᠷ᠎ᠢᠶᠡᠨ ᠲᠦᠷᠦᠭᠦᠯᠡᠨ ᠵᠠᠰᠠᠭ ᠵᠠᠬᠢᠷᠭᠠᠨ᠎ᠤ 666 ᠬᠡᠷᠡᠭ᠎ᠢ ᠰᠢᠢᠳᠪᠦᠷᠢᠯᠡᠵᠦ᠂ 1678 ᠬᠥᠮᠥᠨ᠎ᠳᠦ ᠴᠣᠬᠢᠯᠲᠠ ᠥᠭᠴᠦ ᠰᠢᠢᠳᠪᠦᠷᠢᠯᠡᠪᠡ; 41 ᠡᠷᠡᠭᠦᠦ᠎ᠶᠢᠨ ᠬᠡᠷᠡᠭ᠎ᠢ ᠢᠯᠡᠷᠡᠭᠦᠯᠵᠦ᠂ 62 ᠶᠠᠯ᠎ᠠ ᠬᠢᠭᠰᠡᠨ ᠰᠡᠵᠢᠭᠲᠡᠨ᠎ᠢ ᠪᠠᠷᠢᠪᠴᠢᠯᠠᠪᠠ᠃ ᠨᠡᠩ ᠭᠠᠢᠬᠠᠰᠢ ᠠᠯᠳᠠᠭᠤᠯᠤᠮ᠎ᠠ ᠶᠠᠪᠤᠳᠠᠯ ᠭᠡᠪᠡᠯ᠂ ᠲᠡᠭᠦᠨ᠎ᠦ ᠭᠣᠣᠯᠯᠠᠨ ᠡᠷᠬᠢᠯᠡᠭᠰᠡᠨ ᠪᠠ ᠬᠢᠨᠠᠨ ᠬᠠᠷᠭᠤᠭᠤᠯᠤᠭᠰᠠᠨ ᠬᠡᠷᠡᠭ᠎ᠲᠦ ᠨᠢᠭᠡ ᠴᠦ᠍ ᠠᠯᠳᠠᠭ᠎ᠠ ᠦᠭᠡᠢ᠂ ᠲᠠᠬᠢᠨ ᠵᠥᠪᠯᠡᠭᠰᠡᠨ ᠬᠡᠷᠡᠭ ᠭᠠᠷᠤᠬᠰᠠᠨ ᠦᠭᠡᠢ᠂ ᠵᠠᠭᠠᠯᠳᠤᠭᠰᠠᠨ ᠬᠡᠷᠡᠭ ᠭᠠᠷᠤᠬᠰᠠᠨ ᠦᠭᠡᠢ᠃
ᠴᠧᠨ ᠵᠢᠶᠠ ᠰᠢᠨᠦ ᠳᠠᠭᠠᠭᠤᠯᠤᠭᠰᠠᠨ ᠬᠡᠷᠡᠭ ᠰᠢᠢᠳᠪᠦᠷᠢᠯᠡᠬᠦ ᠠᠩᠭᠢ ᠪᠣᠯ ᠪᠦᠬᠦ ᠰᠠᠯᠪᠤᠷᠢ᠎ᠵᠢᠨ ᠳᠤᠮᠳᠠᠴᠢ ᠨᠠᠰᠤ᠎ᠪᠠᠷ ᠬᠠᠮᠤᠭ᠎ᠤᠨ ᠵᠠᠯᠠᠭᠤ ᠠᠩᠭᠢ ᠪᠣᠯᠣᠨ᠎ᠠ᠃ ᠠᠵᠢᠯ᠎ᠤᠨ ᠳᠤᠮᠳᠠ ᠪᠠᠨ ᠲᠡᠷᠡ ᠨᠡᠷ᠎ᠡ ᠭᠠᠷᠤᠭᠰᠠᠨ 《ᠴᠢᠩᠭ᠎ᠠ ᠪᠠᠭ᠍ᠰᠢ》 ᠪᠠᠢᠵᠤ᠂ ᠵᠠᠯᠠᠭᠤ ᠠᠷᠠᠳ᠎ᠤᠨ ᠴᠠᠭᠳᠠᠭ᠎ᠠ᠎ᠳᠤ ᠲᠡᠮᠳᠡᠭᠯᠡᠯ ᠬᠢᠬᠦ᠂ ᠭᠡᠷᠡᠴᠢ ᠪᠠᠷᠢᠮᠲᠠ ᠲᠣᠭᠲᠠᠭᠠᠬᠤ᠎ᠵᠢ ᠵᠢᠭᠠᠵᠤ ᠦᠭᠴᠤ᠂ ᠦᠪᠡᠷ᠎ᠤᠨ ᠲᠤᠷᠰᠢᠯᠭ᠎ᠠ ᠪᠠᠨ ᠤᠯᠠᠮᠵᠢᠯᠠᠳᠠᠭ;ᠠᠮᠢᠳᠤᠷᠠᠯ ᠳᠤᠮᠳᠠ ᠲᠡᠷᠡ ᠪᠠᠰᠠ ᠣᠯᠠᠨ᠎ᠤ ᠳᠣᠲᠣᠨᠣ᠌ 《ᠵᠢᠶᠠ ᠰᠢᠨ ᠡᠭᠡᠴᠢ》 ᠪᠠᠢᠵᠤ᠂ ᠰᠥᠨᠢ ᠳᠦᠯᠢ ᠪᠣᠯᠲᠠᠯ᠎ᠠ ᠠᠵᠢᠯᠯᠠᠬᠤ ᠪᠦᠷᠢ ᠲᠡᠷᠡ ᠦᠷᠭᠦᠯᠵᠢ ᠦᠪᠡᠷ ᠲᠡᠭᠡᠨ ᠵᠣᠭᠣᠰ ᠭᠠᠷᠭᠠᠨ ᠰᠥᠨᠢ᠎ᠶᠢᠨ ᠬᠣᠭᠣᠯᠠ ᠬᠤᠳᠠᠯᠳᠤᠨ ᠠᠪᠴᠤ᠂ ᠬᠡᠨ ᠤ᠋ ᠭᠡᠷ ᠲᠤᠨᠢ ᠤᠴᠢᠷ᠎ᠲᠠᠢ ᠪᠣᠯ ᠲᠡᠷᠡ ᠰᠠᠨᠠᠭᠠᠴᠢᠯᠠᠭ᠎ᠠ᠎ᠡᠴᠡ᠎ᠪᠠᠨ ᠣᠷᠣᠨ ᠳ᠋ᠤᠨᠢ ᠵᠢᠵᠢᠬᠦᠷᠯᠡᠳᠡᠭ᠃ ᠤᠳᠠᠭ᠎ᠠ ᠪᠦᠷᠢ ᠲᠡᠷᠢᠭᠦᠨ ᠰᠢᠯᠢᠳᠡᠭ᠎ᠢ ᠰᠢᠯᠭᠠᠷᠠᠭᠤᠯᠬᠤ ᠦᠶ᠎ᠡ᠎ᠳᠤ᠂ ᠲᠡᠷᠡ ᠶᠡᠷᠦ ᠨᠢ᠄ 《ᠵᠠᠯᠠᠭᠤᠴᠤᠳ ᠨᠠᠳᠠ᠎ᠡᠴᠡ ᠢᠯᠡᠭᠦᠦ ᠵᠦᠳᠡᠷᠡᠯᠲᠡᠢ᠂ ᠨᠡᠩ ᠢᠯᠡᠭᠦᠦ ᠵᠣᠷᠢᠭ᠍ᠵᠢᠭᠤᠯᠤᠯ ᠬᠡᠷᠡᠭᠰᠡᠨ᠎ᠡ》 ᠭᠡᠳᠡᠭ᠃
ᠤᠷᠳᠤ ᠬᠤᠭᠤᠴᠠᠭ᠎ᠠ᠎ᠪᠠᠷ ᠬᠠᠳᠠᠭᠤᠵᠢᠯᠳᠠᠢ ᠠᠵᠢᠯᠯᠠᠭᠰᠠᠨ ᠡᠴᠡ ᠴᠧᠨ ᠵᠢᠶᠠ ᠰᠢᠨ ᠬᠣᠳᠣᠭᠣᠳᠤᠨ᠎ᠤ ᠦᠷᠪᠢᠰᠦᠯ᠎ᠳᠦ ᠨᠡᠷᠪᠡᠭᠳᠡᠵᠦ᠂ ᠬᠠᠷᠮᠠᠨ᠎ᠳᠠᠭᠠᠨ ᠦᠷᠭᠦᠯᠵᠢ ᠬᠣᠳᠣᠭᠣᠳᠤᠨ ᠡᠮ ᠠᠪᠴᠤ ᠶᠠᠪᠤᠳᠠᠭ᠃ ᠲᠡᠷᠡ ᠲᠣᠮᠢᠯᠠᠭᠰᠠᠨ ᠰᠠᠯᠪᠤᠷᠢ᠎ᠶᠢ ᠭᠡᠷ᠎ᠢᠶᠡᠨ ᠪᠣᠯᠭᠠᠵᠤ᠂ ᠴᠢᠷᠦᠭᠦᠯ ᠱᠠᠬᠠᠢ᠂ ᠤᠨᠲᠠᠯᠭ᠎ᠠ᠎ᠶᠢᠨ ᠬᠤᠪᠴᠠᠰᠤ᠎ᠪᠠᠨ ᠪᠦᠷ ᠲᠡᠷᠭᠡᠨ ᠳᠡᠭᠡᠷ᠎ᠡ ᠪᠠᠨ ᠠᠪᠴᠤ ᠶᠠᠪᠤᠳᠠᠭ᠃ ᠵᠢᠯ ᠴᠠᠭᠠᠨ ᠰᠠᠷ᠎ᠠ ᠪᠣᠯᠬᠤ ᠪᠦᠷᠢ᠂ ᠲᠡᠷᠡ ᠲᠤᠬᠠᠢ᠎ᠶᠢᠨ ᠭᠠᠵᠠᠷ᠎ᠤᠨ ᠬᠠᠮᠲᠤ ᠠᠵᠢᠯᠯᠠᠭ᠍ᠴᠢ᠎ᠪᠠᠨ ᠭᠡᠷ᠎ᠲᠤ᠎ᠨᠢ ᠬᠠᠷᠢᠭᠤᠯᠵᠤ ᠰᠢᠨᠡᠯᠡᠭᠦᠯᠵᠦ᠂ ᠥᠪᠡᠷ᠎ᠢᠶᠡᠨ ᠦᠯᠡᠳᠡᠵᠦ ᠵᠢᠵᠢᠭᠦᠷᠯᠡᠳᠡᠭ᠃
30 ᠵᠢᠯ᠎ᠦᠨ ᠣᠬᠣᠷᠬᠠᠨ ᠬᠤᠭᠤᠴᠠᠭᠠᠨ᠎ᠤ ᠠᠮᠢᠳᠤᠷᠠᠯ᠂ 10 ᠵᠢᠯ᠎ᠤᠨ ᠴᠠᠭᠳᠠᠭ᠎ᠠ᠎ᠶᠢᠨ ᠠᠮᠢᠳᠤᠷᠠᠯ᠃ ᠴᠧᠨ ᠵᠢᠶᠠ ᠰᠢᠨ ᠵᠠᠯᠠᠭᠤ ᠨᠠᠰᠤᠨ᠎ᠤ ᠬᠠᠯᠠᠭᠤᠨ ᠴᠢᠰᠤ᠎ᠪᠠᠷ᠎ᠢᠶᠠᠨ ᠲᠥᠪ ᠴᠢᠩᠭ᠎ᠠ ᠠᠮᠠᠯᠠᠯᠲᠠ᠎ᠪᠠᠨ ᠦᠢᠯᠡᠳᠦᠯᠭᠡᠵᠢᠭᠦᠯᠵᠦ᠂ ᠡᠷᠬᠢᠮ ᠨᠠᠨᠳᠢᠨ ᠠᠮᠢ ᠨᠠᠰᠤ᠎ᠪᠠᠷ᠎ᠢᠶᠠᠨ ᠬᠠᠷᠢᠭᠤᠴᠠᠯᠭ᠎ᠠ ᠡᠭᠦᠷᠭᠡᠯᠡᠯ᠎ᠢᠶᠡᠨ ᠲᠠᠢᠯᠪᠤᠷᠢᠯᠠᠪᠠ᠃ ᠲᠡᠷᠡ ᠵᠠᠯᠠᠭᠤ ᠠᠮᠢ ᠨᠠᠰᠤ᠎ᠪᠠᠨ ᠤᠯᠠᠨ ᠲᠦᠮᠡᠨ᠎ᠢ ᠰᠠᠬᠢᠨ ᠬᠠᠮᠠᠭᠠᠯᠠᠬᠤ ᠡᠴᠦᠰ᠎ᠦᠨ ᠨᠢᠭᠡ ᠮᠥᠴᠡ᠎ᠳᠦ ᠦᠯᠡᠳᠡᠭᠡᠵᠦ᠂ ᠴᠠᠭᠳᠠᠭ᠎ᠠ ᠬᠦᠮᠦᠨ᠎ᠤ ᠰᠢᠳᠤᠷᠭᠤ ᠰᠦᠨᠡᠰᠦ᠎ᠶᠢ ᠥᠪᠥᠷ ᠮᠣᠩᠭᠣᠯ᠎ᠤᠨ ᠡᠬᠡ ᠭᠠᠵᠠᠷ᠎ᠲᠤ ᠦᠨᠢᠳᠡ ᠮᠦᠩᠬᠡᠷᠡᠬᠦᠯᠵᠤ ᠪᠢᠯᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃