24ᠴᠠᠭ ᠤᠯᠠᠷᠢᠯ > ᠬᠠᠪᠤᠷ᠎ᠤ᠋ᠨ ᠠᠭᠤᠷ

2022-02-10 16:40:42

ᠵᠣᠬᠢᠶᠠᠭ᠍ᠴᠢ᠄ ᠵᠤᠯᠠ ᠣᠩᠱᠢᠭ᠍ᠰᠠᠨ ᠣᠳᠠᠭ᠎ᠠ᠄ 3

★ᠬᠠᠪᠤᠷ᠎ᠤᠨ ᠠᠭᠤᠷ ᠤᠷᠤᠬᠤ ᠡᠳᠦᠷ᠎ᠲᠤ᠂ ᠠᠷᠠᠳ᠎ᠤᠨ ᠳᠤᠮᠳᠠ ᠨᠢᠮᠭᠡᠨ ᠬᠠᠭᠠᠷᠢᠮᠠᠭ᠂ ᠯᠤᠤᠪᠠᠩ᠂ ᠭᠤᠱᠤᠭᠤᠨ ᠠᠮᠲᠠᠲᠠᠢ ᠨᠤᠭᠤᠭ᠎ᠠ ᠢᠳᠡᠬᠦ ᠵᠠᠩᠰᠢᠯ ᠲᠠᠢ᠂ ᠡᠭᠦᠨ᠎ᠳᠤ ᠮᠠᠨ᠎ᠤ ᠤᠯᠤᠰ᠎ᠤᠨ ᠡᠮᠦᠨᠡᠲᠦ ᠤᠷᠤᠨ᠎ᠳᠤ ᠭᠤᠤᠯᠳᠠᠭᠤ ᠨᠢᠮᠭᠡᠨ ᠤᠷᠢᠶᠠᠮᠠᠭ ᠢᠳᠡᠳᠡᠭ᠃ ᠡᠨᠡ ᠨᠢ ᠬᠥᠮᠥᠰ᠎ᠤᠨ ᠬᠦᠴᠢᠷ ᠵᠣᠪᠠᠭᠤᠷᠢ᠎ᠶ᠋ᠢ ᠲᠡᠰᠪᠦᠷᠢᠯᠡᠵᠦ᠍ ᠳᠡᠢᠯᠬᠦ᠌ ᠬᠠᠳᠠᠨ ᠵᠣᠷᠢᠭ᠎ᠢ ᠳᠠᠪᠲᠠᠨ ᠪᠤᠯᠪᠠᠰᠤᠷᠠᠭᠤᠯᠬᠤ᠎ᠶᠢ ᠪᠡᠯᠭᠡᠳᠡᠳᠡᠭ᠃

★ᠬᠠᠪᠤᠷ᠎ᠤᠨ ᠠᠭᠤᠷ ᠣᠷᠣᠬᠤ᠎ᠳᠤ ᠪᠠᠰᠠ 《ᠬᠠᠪᠤᠷ᠎ᠢ ᠤᠭ᠍ᠲᠤᠬᠤ》 ᠵᠠᠩᠱᠢᠯ ᠲᠠᠢ᠃ ᠬᠠᠭᠤᠴᠢᠨ ᠵᠠᠩᠰᠢᠯ᠎ᠶ᠋ᠢᠠᠷ᠂ ᠬᠠᠪᠤᠷ᠎ᠤᠨ ᠠᠭᠤᠷ ᠣᠷᠣᠬᠤ᠎ᠠᠴᠠ ᠡᠮᠦᠨ᠎ᠡ ᠨᠢᠭᠡ ᠡᠳᠦᠷ᠎ᠲᠤ ᠬᠣᠶᠠᠷ ᠤᠷᠠᠯᠢᠬᠴᠢᠨ᠎ᠡᠴᠡ ᠵᠠᠰᠠᠯ ᠵᠢᠮᠰᠡᠭ᠎ᠶ᠋ᠢᠠᠨ ᠵᠡᠭᠦᠵᠦ ᠵᠡᠭᠡᠯᠢ ᠳᠠᠭᠠᠤ 《ᠬᠠᠪᠤᠷ ᠢᠷᠡᠯ᠎ᠡ》ᠭᠡᠵᠦ᠍ ᠬᠠᠰᠭᠢᠷᠳᠠᠭ ᠪᠠᠢᠪᠠ᠃ ᠡᠨᠡ ᠪᠤᠯ ᠳᠠᠷᠤᠢ ᠤᠯᠠᠮᠵᠢᠯᠠᠯᠲᠤ ᠠᠷᠭ᠎ᠠ᠎ᠪᠠᠷ ᠬᠠᠪᠤᠷ ᠬᠦᠷᠴᠦ ᠢᠷᠡᠭᠰᠡᠨ᠎ᠢ ᠲᠤᠩᠬᠠᠭᠯᠠᠵᠤ ᠪᠠᠢᠭ᠎ᠠ ᠶᠤᠮ᠃


微信图片_20220210164159.jpg

★ ᠮᠠᠨ᠎ᠤ ᠤᠯᠤᠰ᠎ᠤᠨ ᠴᠥᠭᠡᠨ ᠪᠤᠰᠤ ᠭᠠᠵᠠᠷ ᠤᠷᠤᠨ᠎ᠳᠤ ᠪᠠᠰᠠ 《ᠬᠠᠪᠤᠷ᠎ᠢ ᠴᠣᠬᠢᠬᠤ》 ᠵᠠᠩᠰᠢᠯ ᠲᠠᠢ ᠪᠠᠢᠳᠠᠭ᠃ ᠳᠠᠷᠤᠢ ᠬᠥᠮᠦᠰ ᠲᠠᠱᠢᠭᠤᠷ ᠪᠠᠷᠢᠨ ᠡᠪᠡᠰᠦ ᠪᠠ ᠬᠤᠯᠤᠰᠤᠨ ᠭᠦᠷᠦᠮᠡᠯ᠎ᠶ᠋ᠢᠠᠷ ᠬᠢᠭᠰᠡᠨ 《ᠦᠬᠡᠷ》᠎ᠢ ᠬᠥᠩᠭᠡᠬᠡᠨ ᠴᠣᠬᠢᠵᠤ ᠱᠢᠨ᠎ᠡ ᠵᠢᠯ᠎ᠳᠡᠭᠡᠨ ᠲᠠᠪᠤᠨ ᠲᠠᠷᠢᠶ᠎ᠠ ᠲᠠᠩᠰᠤᠭ ᠬᠤᠷᠢᠶᠠᠯᠲᠠ ᠤᠯᠬᠤ᠎ᠶᠢ ᠬᠦᠰᠡᠳᠡᠭ᠃

★ ᠬᠠᠪᠤᠷ᠎ᠤᠨ ᠠᠭᠤᠷ ᠤᠷᠤᠭ᠍ᠰᠠᠨ ᠡᠳᠦᠷ᠎ᠲᠤ᠂ ᠬᠥᠮᠥᠰ ᠪᠠᠰᠠ ᠰᠢᠨ᠎ᠡ ᠬᠤᠪᠴᠠᠰᠤ᠎ᠪᠠᠨ ᠡᠮᠦᠰᠴᠦ᠍ ᠨᠢᠭᠡ ᠵᠢᠯ᠎ᠦᠨ ᠰᠠᠢᠨ ᠰᠠᠢᠬᠠᠨ ᠪᠦᠬᠦᠨ᠎ᠢ ᠤᠭ᠍ᠲᠤᠬᠤ᠎ᠶᠢ ᠬᠦᠰᠡᠳᠡᠭ᠃

ᠵᠢᠷᠤᠭ᠎ᠤᠨ ᠢᠷᠡᠯᠲᠡ᠄ ᠰᠢᠨᠬᠤᠸᠠ ᠰᠦᠯᠵᠢᠶ᠎ᠡ


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面