24ᠴᠠᠭ ᠤᠯᠠᠷᠢᠯ > ᠵᠤᠨ᠎ᠤ᠋ ᠲᠦᠢᠯ

2022-06-21 11:52:42

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

1.jpg


ᠵᠤᠨ᠎ᠤ ᠲᠤᠢᠯ᠎ᠤᠨ ᠴᠠᠭ ᠤᠯᠠᠷᠢᠯ ᠬᠦᠷᠴᠦ ᠢᠷᠡᠬᠦ ᠪᠡᠷ ᠠᠭᠠᠷ ᠎ᠤᠨ ᠲᠤᠯᠠᠭᠠᠨ ᠦᠷᠭᠦᠯᠵᠢᠯᠨᠨ ᠳᠡᠭᠡᠭᠰᠢᠯᠡᠬᠦ ᠲᠤᠯᠠ ᠪᠡᠶ᠎ᠡ ᠪᠠᠨ ᠰᠤᠪᠢᠯᠠᠬᠤ ᠵᠢ ᠠᠨᠭᠬᠠᠷᠴᠤ᠂ ᠨᠠᠷᠠᠰᠢᠬᠤ ᠵᠢ ᠰᠡᠷᠭᠡᠢᠯᠡᠬᠦ ᠬᠡᠷᠡᠭᠲᠡᠢ᠃ ᠲᠡᠭᠡᠪᠡᠯ ᠵᠤᠨ ᠎ᠤ ᠲᠤᠢᠯ ᠎ᠤᠨ ᠤᠯᠠᠷᠢᠯ ᠎ᠳᠦ ᠪᠡᠶ᠎ᠡ ᠪᠠᠨ ᠬᠡᠷᠬᠢᠨ ᠰᠤᠪᠢᠯᠠᠬᠤ ᠪᠤᠢ?


2.jpg

ᠲᠠᠷᠤᠢᠬᠠᠨ ᠤᠰᠤ ᠨᠦᠬᠦᠪᠦᠷᠢᠯᠡᠬᠦ ᠬᠡᠷᠡᠭᠲᠡᠢ

ᠵᠤᠨ ᠎ᠤ ᠲᠤᠢᠯ ᠪᠤᠯᠤᠬᠰᠠᠭᠠᠷ ᠤᠯᠠᠡᠭᠭᠢ ᠬᠦᠮᠦᠰ ᠶᠠᠳᠠᠷᠠᠵᠦ ᠲᠠᠮᠢᠷᠳᠠᠬᠤ ᠵᠢᠴᠢ ᠲᠤᠯᠤᠭᠠᠢ ᠡᠪᠡᠳᠴᠦ ᠲᠤᠯᠤᠭᠠᠢ ᠡᠷᠬᠢᠬᠦ ᠢᠯᠡᠷᠡᠯ ᠭᠠᠷᠳᠠᠭ᠃ ᠤᠴᠢᠷ ᠨᠢ ᠡᠨᠡ ᠎ᠬᠦ ᠴᠠᠭ ᠤᠯᠠᠷᠢᠯ᠎ᠳᠦ ᠠᠭᠠᠷ᠎ᠤᠨ ᠲᠤᠯᠠᠭᠠᠨ ᠦᠨᠳᠦᠷ᠂ ᠬᠦᠮᠦᠨ ᠎ᠤ ᠪᠡᠶ᠎ᠡ ᠬᠦᠯᠦᠰᠦ ᠭᠠᠷᠬᠤ ᠪᠡᠷ ᠳᠠᠮᠵᠢᠨ ᠢᠯᠴᠢ ᠪᠡᠷ ᠰᠠᠷᠨᠢᠭᠤᠯᠬᠤ ᠪᠤᠯᠬᠤᠷ ᠪᠡᠶ᠎ᠡ ᠲᠤᠳᠤᠷᠠᠬᠢ ᠤᠰᠦ ᠶᠡᠬᠡ ᠬᠡᠮᠵᠢᠶ᠎ᠡ ᠪᠡᠷ ᠠᠯᠳᠠᠬᠳᠠᠳᠠᠭ᠂ ᠬᠡᠷᠪᠡ ᠴᠠᠭ ᠲᠤᠬᠠᠢ ᠎ᠳᠤᠨᠢ ᠤᠰᠤ ᠨᠦᠬᠦᠪᠦᠷᠢᠯᠡᠬᠦ ᠦᠭᠡᠢ ᠪᠤᠯ ᠴᠢᠰᠤᠨ᠎ᠤ ᠪᠠᠬᠲᠠᠭᠠᠮᠵᠢ ᠪᠠᠭᠠᠰᠴᠦ᠂ ᠶᠡᠬᠡ ᠲᠠᠷᠢᠬᠢᠨ ᠎ᠤ ᠴᠢᠰᠤᠨ᠎ᠤ ᠬᠠᠡᠭᠭᠠᠯᠭ᠎ᠠ ᠬᠦᠷᠦᠯᠴᠡᠬᠦ ᠦᠭᠡᠢ ᠪᠤᠯᠵᠦ᠂ ᠲᠤᠯᠤᠭᠠᠢ ᠡᠪᠡᠳᠬᠦ ᠲᠤᠯᠤᠭᠠᠢ ᠡᠷᠬᠢᠬᠦ ᠢᠯᠡᠷᠡᠯ ᠭᠠᠷᠳᠠᠭ᠃ ᠡᠢᠮᠦ ᠡᠴᠡ ᠲᠠᠷᠤᠢᠬᠠᠨ ᠤᠰᠤ ᠨᠦᠬᠦᠪᠦᠷᠢᠯᠡᠬᠦ ᠨᠢ ᠲᠤᠢᠯ᠎ᠤᠨ ᠴᠢᠬᠤᠯᠠ ᠶᠤᠮ᠃


3.jpg

ᠮᠢᠬ᠎ᠠ ᠲᠤᠰᠤ ᠪᠠᠭ᠎ᠠ᠂ ᠲᠠᠪᠤᠰᠦ ᠰᠤᠯᠠ ᠢᠳᠡᠭᠡᠨ ᠢᠯᠡᠭᠦᠤ ᠢᠳᠡᠪᠡᠯ ᠰᠠᠢᠨ

ᠵᠤᠨ ᠪᠦᠬᠴᠢᠮ ᠬᠠᠯᠠᠭᠤᠨ ᠪᠤᠯᠬᠤᠷ ᠬᠦᠮᠦᠨ ᠎ᠤ ᠪᠡᠶ᠎ᠡ ᠵᠢᠨ ᠰᠢᠨᠭᠭᠡᠭᠡᠯᠲᠡ ᠵᠢᠨ ᠴᠢᠳᠠᠪᠤᠷᠢ ᠬᠠᠷᠢᠴᠠᠨᠭᠭᠤᠢ ᠪᠠᠷ ᠮᠠᠭᠤᠳᠠᠳᠠᠭ᠃ ᠡᠢᠮᠦ ᠡᠴᠡ ᠮᠢᠬ᠎ᠠ ᠲᠤᠰᠤ ᠪᠠᠭ᠎ᠠ᠂ ᠳᠠᠪᠤᠰᠤ ᠰᠤᠯᠡ ᠢᠳᠡᠭᠡᠨ᠂ ᠡᠯᠳᠡᠪ ᠠᠮᠦ ᠲᠦᠮᠦᠰᠦᠨ᠎ᠤ ᠵᠤᠢᠯ᠎ᠢ ᠢᠯᠡᠭᠦᠤ ᠢᠳᠡᠵᠦ᠂ ᠬᠠᠯᠠᠭᠤᠨ ᠴᠢᠨᠠᠷᠲᠠᠢ ᠢᠳᠡᠭᠡᠨ᠎ᠢ ᠬᠡᠮᠵᠢᠶ᠎ᠡ ᠲᠠᠢ ᠢᠳᠡᠪᠡᠯ ᠰᠠᠢᠨ; ᠰᠡᠷᠢᠭᠦᠨ ᠴᠢᠨᠠᠷᠲᠠᠢ ᠭᠤᠧᠠ ᠵᠢᠮᠢᠰ ᠵᠡᠷᠭᠡ ᠵᠢ ᠬᠡᠮᠵᠢᠶ᠎ᠡ ᠲᠠᠢ ᠢᠳᠡᠵᠦ᠂ ᠳᠡᠯᠢᠭᠦᠤ ᠬᠤᠳᠤᠭᠤᠲᠦ ᠪᠠᠨ ᠬᠡᠮᠳᠦᠭᠡᠬᠦ ᠡᠴᠡ ᠬᠢᠴᠢᠶᠡᠭᠡᠷᠡᠢ; ᠭᠠᠰᠢᠭᠤᠨ ᠢᠳᠡᠭᠡᠨ ᠢᠯᠡᠭᠦᠤ ᠢᠳᠡᠪᠡᠯ ᠵᠢᠷᠦᠬᠡᠨ᠎ᠤ ᠬᠠᠯᠠᠭᠤᠨ᠎ᠢ ᠲᠠᠭᠤᠬᠤ ᠎ᠳᠦ ᠲᠤᠰᠠᠲᠠᠢ᠃


4.jpg

ᠰᠡᠳᠬᠢᠯ ᠰᠠᠨᠠᠭ᠎ᠠ ᠪᠠᠨ ᠪᠠᠶᠠᠰᠤᠨᠭᠭᠤᠢ ᠪᠠᠢᠯᠭᠠᠬᠤ ᠬᠡᠷᠡᠭᠲᠡᠢ

ᠪᠦᠭᠴᠢᠮ ᠬᠠᠯᠠᠭᠤᠨ᠎ᠳᠤ ᠬᠦᠮᠦᠰ ᠠᠮᠠᠷᠬᠠᠨ ᠪᠠᠴᠢᠮᠳᠠᠵᠤ ᠤᠴᠠᠭᠠᠷᠯᠠᠳᠠᠭ᠃ ᠡᠢᠮᠦ ᠡᠴᠡ ᠰᠡᠳᠬᠢᠯ ᠰᠠᠨᠠᠭ᠎ᠠ ᠪᠠᠨ ᠲᠤᠬᠲᠠᠭᠤᠨ ᠪᠠᠢᠯᠭᠠᠵᠦ᠂ ᠪᠠᠢᠭᠠᠯᠢ ᠵᠢᠨ ᠲᠦᠮᠡᠨ ᠪᠤᠲᠠᠰ ᠨᠠᠷᠠᠨ ᠎ᠤ ᠢᠯᠴᠢ ᠵᠢ ᠬᠡᠷᠡᠭᠰᠡᠬᠦ ᠲᠠᠢ ᠠᠳᠠᠯᠢᠬᠠᠨ ᠎ᠢᠶᠡᠷ ᠭᠠᠳᠠᠭᠠᠲᠦ ᠶᠢᠷᠲᠢᠨᠴᠦ ᠵᠢᠨ ᠬᠡᠷᠡᠭ ᠪᠤᠳᠠᠰ᠎ᠲᠦ ᠲᠤᠷ᠎ᠠ ᠰᠤᠨᠢᠷᠬᠠᠯ᠎ᠢᠶᠡᠨ ᠬᠠᠨᠲᠤᠭᠤᠯᠵᠦ᠂ ᠠᠯᠢ ᠴᠢᠳᠠᠬᠤ ᠪᠡᠷ ᠠᠭᠤᠷᠯᠠᠬᠤ ᠦᠭᠡᠢ ᠪᠠᠢᠪᠠᠯ ᠰᠠᠢᠨ᠃


5.jpg

ᠵᠤᠬᠢᠰᠲᠠᠢ ᠬᠦᠳᠡᠯᠭᠡᠭᠡᠨ ᠬᠢᠵᠦ᠂ ᠬᠦᠢᠲᠡᠨ ᠤᠰᠤ ᠪᠢᠲᠡᠭᠡᠢ ᠤᠤᠭᠤ

ᠵᠤᠨ ᠎ᠤ ᠬᠠᠯᠠᠭᠤᠨ ᠎ᠳᠦ ᠭᠡᠷ ᠲᠤᠳᠤᠷ᠎ᠡ ᠬᠦᠳᠡᠯᠭᠡᠭᠡᠨ ᠬᠢᠪᠡᠯ ᠰᠠᠢᠨ᠂ ᠰᠢᠷᠦᠭᠦᠨ ᠬᠦᠳᠡᠯᠭᠡᠭᠡᠨ ᠬᠢᠬᠦ ᠨᠢ ᠵᠤᠬᠢᠰ ᠦᠭᠡᠢ᠃ ᠬᠦᠳᠡᠯᠭᠡᠭᠡᠨ ᠬᠢᠵᠦ ᠬᠦᠯᠦᠰᠦ ᠶᠡᠬᠡ ᠭᠠᠷᠪᠠᠯ ᠰᠤᠯᠠᠬᠠᠨ ᠲᠠᠪᠤᠰᠤ ᠲᠠᠢ ᠤᠰᠤ ᠪᠤᠶᠤ ᠨᠤᠭᠤᠭᠠᠨ ᠪᠤᠷᠴᠠᠭ᠎ᠤᠨ ᠰᠢᠭᠦᠰᠦ ᠤᠤᠭᠤᠪᠠᠯ ᠰᠠᠢᠨ᠂ ᠬᠠᠢᠨ ᠭᠦᠢᠲᠡᠨ ᠤᠰᠤ ᠤᠤᠭᠤᠵᠦ ᠪᠤᠯᠬᠤ ᠦᠭᠡᠢ᠂ ᠨᠡᠩ ᠢᠯᠠᠨᠭᠭᠤᠶ᠎ᠡ ᠭᠦᠢᠲᠡᠨ ᠤᠰᠤ ᠪᠡᠷ ᠪᠡᠶ᠎ᠡ ᠲᠤᠯᠤᠭᠠᠢ ᠪᠠᠨ ᠤᠬᠢᠶᠠᠵᠦ ᠶᠠᠭᠠᠬᠢᠬᠰᠡᠨ ᠴᠤ᠌ ᠪᠤᠯᠬᠤ ᠦᠭᠡᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄ ᠴᠡᠯᠮᠡᠭ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面