24ᠴᠠᠭ ᠤᠯᠠᠷᠢᠯ > ᠪᠠᠭ᠎ᠠ ᠬᠠᠯᠠᠭᠤᠨ

2022-07-07 17:17:47

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠪᠠᠭ᠎ᠠ ᠬᠠᠯᠠᠭᠤᠨ᠎ᠤ ᠦᠶ᠎ᠡ᠎ᠳᠤ ᠤᠮᠠᠷᠠᠲᠤ ᠬᠠᠭᠠᠰ ᠪᠥᠮᠪᠥᠷᠴᠡᠭ᠎ᠦᠨ ᠨᠡᠷᠡᠨ᠎ᠦ ᠲᠤᠰᠤᠯᠲᠠ᠎ᠶ᠋ᠢᠨ ᠴᠠᠭ ᠨᠢ ᠠᠭᠠᠵᠢᠮ᠎ᠢᠶᠠᠷ ᠪᠣᠭᠣᠨᠢᠰᠳᠠᠭ᠂ ᠭᠡᠲᠡᠯ᠎ᠡ ᠮᠠᠨ᠎ᠤ ᠤᠯᠤᠰ᠎ᠤᠨ ᠶᠡᠬᠡᠩᠬᠢ ᠭᠠᠵᠠᠷ ᠣᠷᠣᠨ᠎ᠤ ᠠᠭᠠᠷ᠎ᠤᠨ ᠳᠤᠯᠠᠭᠠᠨ ᠨᠢ ᠶᠠᠭᠠᠬᠢᠭᠠᠳ ᠮᠥᠨ ᠯᠡ ᠡᠳᠦᠷ ᠢᠷᠡᠬᠦᠶ᠎ᠡ ᠳᠡᠭᠡᠭ᠌ᠰᠢᠯᠡᠭᠦ ᠪᠣᠶ? ᠤᠴᠢᠷ ᠨᠢ ᠨᠡᠷᠡᠨ᠎ᠦ ᠡᠭ᠌ᠴᠡ ᠲᠤᠰᠤᠯᠲᠠ᠎ᠶ᠋ᠢᠨ ᠴᠡᠭ ᠬᠡᠳᠦᠢᠪᠡᠷ ᠡᠮᠦᠨᠡᠰᠢ ᠱᠢᠯᠵᠢᠵᠦ᠍ ᠪᠠᠢᠭ᠎ᠠ ᠪᠣᠯᠪᠠᠴᠤ᠌ ᠮᠥᠨ ᠯᠡ ᠤᠮᠠᠷᠠᠲᠤ ᠬᠠᠭᠠᠰ ᠪᠥᠮᠪᠥᠷᠴᠡᠭ᠎ᠲᠦ ᠡᠭ᠌ᠴᠡ ᠲᠣᠰᠴᠤ᠌᠂ ᠤᠮᠠᠷᠠᠲᠤ ᠬᠠᠭᠠᠰ ᠪᠥᠮᠪᠥᠷᠴᠡᠭ᠎ᠦᠨ ᠢᠯᠴᠢ ᠨᠢ ᠮᠥᠨ ᠯᠡ ᠶᠡᠬᠡ ᠪᠣᠯᠬᠣᠷ ᠡᠨᠡ ᠬᠡᠰᠡᠭ ᠬᠤᠭᠤᠴᠠᠭᠠᠨ᠎ᠳᠤ ᠠᠭᠠᠷ᠎ᠤᠨ ᠳᠤᠯᠠᠭᠠᠨ ᠪᠠᠰᠠ ᠦᠷᠭᠦᠯᠵᠢᠯᠡᠨ ᠳᠡᠭᠡᠭ᠌ᠰᠢᠯᠡᠬᠦ᠌ ᠪᠣᠯᠤᠨ᠎ᠠ᠃ ᠡᠮᠦᠨᠡᠲᠦ ᠣᠷᠣᠨ᠎ᠤ ᠪᠠᠭ᠎ᠠ ᠬᠠᠯᠠᠭᠤᠨ᠎ᠤ ᠦᠶ᠎ᠡ᠎ᠶ᠋ᠢᠨ ᠳᠤᠮᠳᠠᠴᠢ ᠠᠭᠠᠷ᠎ᠤᠨ ᠳᠤᠯᠠᠭᠠᠨ ᠨᠢ 26℃ ᠣᠷᠴᠢᠮ ᠪᠠᠢᠳᠠᠭ᠃ 7 ᠰᠠᠷ᠎ᠠ᠎ᠶ᠋ᠢᠨ ᠳᠤᠮᠳᠠᠴᠢ᠎ᠪᠠᠷ᠂ ᠡᠮᠦᠨᠡᠲᠦ ᠣᠷᠣᠨ᠎ᠤ ᠵᠡᠭᠦᠨ ᠡᠮᠦᠨᠡᠲᠦ᠍᠎ᠶ᠋ᠢᠨ ᠲᠡᠯᠡᠶ᠎ᠶ᠋ᠢᠨ ᠲᠦᠪᠱᠢᠨ᠎ᠤ ᠡᠷᠭᠦᠭᠳᠡᠴᠡ ᠲᠤᠤᠷ᠎ᠠ ᠪᠠᠢᠳᠠᠭ ᠭᠤᠤᠯ᠎ᠤᠨ ᠬᠥᠨᠳᠡᠶ᠎ᠶ᠋ᠢᠨ ᠭᠠᠵᠠᠷ ᠣᠷᠣᠨ᠎ᠳᠤ᠂ ᠡᠳᠦᠷ᠎ᠦᠨ ᠳᠤᠮᠳᠠᠴᠢ ᠠᠭᠠᠷ᠎ᠤᠨ ᠳᠤᠯᠠᠭᠠᠨ ᠨᠢ 30℃ ᠡᠴᠡ ᠥᠨᠳᠥᠷ ᠪᠠᠢᠵᠤ᠂ ᠡᠳᠦᠷ᠎ᠦᠨ ᠬᠠᠮᠤᠭ᠎ᠤᠨ ᠥᠨᠳᠥᠷ ᠠᠭᠠᠷ᠎ᠤᠨ ᠳᠤᠯᠠᠭᠠᠨ ᠨᠢ 35℃ ᠡᠴᠡ ᠥᠨᠳᠥᠷ ᠪᠣᠯᠤᠨ᠎ᠠ᠃ ᠪᠠᠷᠠᠭᠤᠨ ᠬᠣᠢᠲᠤ᠎ᠶ᠋ᠢᠨ ᠥᠨᠳᠥᠷᠯᠢᠭ᠎ᠦᠨ ᠤᠮᠠᠷᠠᠲᠤ ᠬᠡᠰᠡᠭ᠎ᠲᠦ᠂ ᠡᠨᠡ ᠦᠶ᠎ᠡ᠎ᠳᠦ ᠮᠥᠨ ᠯᠡ ᠬᠢᠷᠠᠭᠤ ᠴᠠᠰᠤ ᠬᠠᠷᠠᠭ᠍ᠳᠠᠵᠤ᠂ ᠡᠮᠦᠨᠡᠲᠦ ᠣᠷᠣᠨ᠎ᠤ ᠬᠠᠪᠤᠷ᠎ᠤᠨ ᠡᠬᠢᠨ᠎ᠦ ᠦᠵᠡᠮᠵᠢ ᠪᠠᠢᠳᠠᠯ᠎ᠲᠠᠶ ᠲᠡᠩᠴᠡᠨ᠎ᠡ᠃

ᠪᠠᠭ᠎ᠠ ᠬᠠᠯᠠᠭᠤᠨ᠎ᠤ ᠤᠯᠠᠷᠢᠯ᠎ᠤᠨ ᠠᠭᠤᠷ ᠠᠮᠢᠰᠭᠤᠯ᠎ᠤᠨ ᠣᠨᠴᠠᠯᠢᠭ᠎ᠢ ᠶᠡᠷᠤᠡᠭᠬᠡᠢᠯᠠᠪᠠᠯ ᠴᠠᠭ ᠠᠭᠤᠷ ᠠᠭᠠᠭᠢᠮ᠎ᠠ ᠬᠠᠯᠠᠭᠤᠨ᠂ ᠠᠶᠤᠩᠭ᠎ᠠ ᠱᠢᠭᠤᠷᠭ᠎ᠠ ᠨᠡᠮᠡᠭ᠌ᠳᠡᠬᠦ᠌ ᠪᠣᠯᠤᠨ᠎ᠠ᠃

(ᠰᠦᠯᠵᠢᠶᠠᠨ ᠡᠴᠡ ᠤᠷᠴᠢᠭᠤᠯᠤᠨ ᠨᠠᠢᠷᠠᠭᠤᠯᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面