2022-07-07 17:15:53
ᠪᠠᠭ᠎ᠠ ᠬᠠᠯᠠᠭᠤᠨ ᠪᠣᠯ ᠬᠣᠷᠢᠨ ᠳᠥᠷᠪᠡᠨ ᠴᠠᠭ ᠤᠯᠠᠷᠢᠯ᠎ᠤᠨ ᠠᠷᠪᠠᠨ ᠨᠢᠭᠡᠳᠦᠭᠡᠷ ᠴᠠᠭ ᠤᠯᠠᠷᠢᠯ ᠪᠣᠯᠤᠨ᠎ᠠ᠃ ᠨᠠᠷᠠ 105 ᠭᠷᠠᠳᠦ᠋ᠰ᠎ᠲᠦ ᠬᠦᠷᠴᠦ᠍᠂ ᠵᠢᠯ ᠪᠦᠷᠢ᠎ᠶ᠋ᠢᠨ 7 ᠰᠠᠷ᠎ᠠ᠎ᠶ᠋ᠢᠨ 6 — 8 ᠤ ᠡᠳᠦᠷ ᠲᠤᠬᠢᠶᠠᠯᠳᠤᠨ᠎ᠠ᠃ ᠪᠠᠭ᠎ᠠ ᠬᠠᠯᠠᠭᠤᠨ ᠨᠢ ᠬᠡᠳᠦᠢᠪᠡᠷ ᠨᠢᠭᠡ ᠵᠢᠯ᠎ᠦᠨ ᠳᠣᠲᠣᠷᠠᠬᠢ ᠬᠠᠮᠤᠭ᠎ᠤᠨ ᠠᠭᠠᠭᠢᠮ᠎ᠠ ᠬᠠᠯᠠᠭᠤᠨ ᠴᠠᠭ ᠦᠶ᠎ᠡ ᠪᠢᠰᠢ ᠪᠣᠯᠪᠠᠴᠤ᠌᠂ ᠡᠭᠦᠨ᠎ᠤ ᠲᠠᠷᠠᠭ᠎ᠠ ᠲᠠᠷᠤᠢ ᠨᠢᠭᠡ ᠵᠢᠯ᠎ᠦᠨ ᠳᠣᠲᠣᠷᠠᠬᠢ ᠬᠠᠮᠤᠭ᠎ᠤᠨ ᠬᠠᠯᠠᠭᠤᠨ ᠴᠠᠭ ᠠᠭᠤᠷ᠂ ᠶᠡᠬᠡ ᠬᠠᠯᠠᠭᠤᠨ ᠭᠦᠷᠴᠤ ᠢᠷᠡᠨ᠎ᠠ᠃ ᠮᠠᠨ᠎ᠤ ᠤᠯᠤᠰ᠎ᠤᠨ ᠣᠯᠠᠨ ᠭᠠᠵᠠᠷ᠎ᠲᠤ ᠪᠠᠭ᠎ᠠ ᠬᠠᠯᠠᠭᠤᠨ ᠡᠴᠡ ᠡᠬᠢᠯᠠᠨ ᠠᠶᠤᠩᠭ᠎ᠠ ᠴᠠᠬᠢᠯᠭᠠᠨ ᠬᠠᠮᠤᠭ ᠣᠯᠠᠨ ᠴᠠᠭ ᠦᠶ᠎ᠡ ᠭᠦᠷᠴᠤ ᠢᠷᠡᠳᠡᠭ᠃
ᠪᠠᠭ᠎ᠠ ᠬᠠᠯᠠᠭᠤᠨ᠎ᠠᠴᠠ ᠡᠬᠢᠯᠡᠨ ᠹᠦ᠋ ᠣᠷᠣᠨ᠎ᠠ᠂ 《ᠬᠠᠮᠤᠭ᠎ᠤᠨ ᠬᠠᠯᠠᠭᠤᠨ ᠠᠭᠤᠷ ᠠᠮᠢᠰᠬᠤᠯ ᠨᠢ ᠭᠤᠷᠪᠠᠨ ᠹᠦ᠋ ᠳᠤ ᠪᠤᠢ》 ᠭᠡᠳᠡᠭ᠃ ᠨᠢᠭᠡ ᠵᠢᠯ᠎ᠦᠨ ᠳᠣᠲᠣᠷᠠᠬᠢ ᠠᠭᠠᠷ᠎ᠤᠨ ᠳᠤᠯᠠᠭᠠᠨ ᠨᠢ ᠬᠠᠮᠤᠭ ᠥᠨᠳᠥᠷ ᠮᠥᠷᠲᠡᠭᠡᠨ ᠴᠢᠭᠢᠭ᠌ᠯᠢᠭ᠂ ᠪᠦᠭ᠌ᠴᠢᠮ ᠬᠠᠯᠠᠭᠤᠨ ᠴᠠᠭ ᠬᠤᠭᠤᠴᠠᠭ᠎ᠠ ᠪᠣᠯᠤᠨ᠎ᠠ᠃ ᠤᠯᠠᠷᠢᠯ᠎ᠤᠨ ᠰᠠᠯᠬᠢᠨ᠎ᠤ ᠠᠭᠤᠷ ᠠᠮᠢᠰᠭᠤᠯ ᠪᠣᠯ ᠮᠠᠨ᠎ᠤ ᠤᠯᠤᠰ᠎ᠤᠨ ᠠᠭᠤᠷ ᠠᠮᠢᠰᠭᠤᠯ᠎ᠤᠨ ᠭᠣᠣᠯ ᠣᠨᠴᠠᠯᠢᠭ ᠪᠣᠯᠤᠨ᠎ᠠ᠂ ᠵᠤᠨ᠎ᠤ ᠤᠯᠠᠷᠢᠯ᠎ᠳᠤ ᠳᠠᠯᠠᠶ ᠲᠠᠩᠭᠢᠰ᠎ᠤᠨ ᠳᠤᠯᠠᠭᠠᠨ ᠴᠢᠭᠢᠭ᠌ᠯᠢᠭ ᠠᠭᠠᠷ᠎ᠤᠨ ᠤᠷᠤᠰᠭᠠᠯ᠎ᠤᠨ ᠨᠥᠯᠥᠭᠡ᠎ᠶ᠋ᠢ ᠬᠦᠷᠲᠡᠵᠦ᠍᠂ ᠮᠠᠨ᠎ᠤ ᠤᠯᠤᠰ᠎ᠤᠨ ᠣᠯᠠᠨ ᠭᠠᠵᠠᠷ᠎ᠲᠤ ᠥᠨᠳᠥᠷ ᠳᠤᠯᠠᠭᠠᠨ ᠴᠢᠭᠢᠭ᠌ᠯᠢᠭ ᠪᠣᠷᠣᠭᠠᠨ ᠠᠷᠪᠢᠨ ᠴᠠᠭ ᠠᠭᠤᠷ ᠢᠯᠡᠷᠡᠳᠠᠭ᠃ ᠪᠠᠭ᠎ᠠ ᠬᠠᠯᠠᠭᠤᠨ ᠳᠤ ᠬᠡᠳᠦᠢᠪᠡᠷ ᠨᠡᠷᠡᠨ᠎ᠦ ᠭᠡᠷᠡᠯ ᠬᠤᠷᠴᠠ᠂ ᠥᠨᠳᠥᠷ ᠳᠤᠯᠠᠭᠠᠨ᠂ ᠴᠢᠭᠢᠭ᠌ᠯᠢᠭ᠂ ᠪᠣᠷᠣᠭᠠᠨ ᠠᠷᠪᠢᠨ ᠪᠣᠯᠪᠠᠴᠤ᠌᠂ ᠲᠠᠷᠢᠮᠠᠯ᠎ᠤᠨ ᠥᠰᠥᠯᠲᠡ᠎ᠳᠦ ᠠᠱᠢᠭ᠍ᠲᠠᠶ ᠶᠤᠮ᠃
(ᠰᠦᠯᠵᠢᠶᠠᠨ ᠡᠴᠡ ᠤᠷᠴᠢᠭᠤᠯᠤᠨ ᠨᠠᠢᠷᠠᠭᠤᠯᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄ ᠢᠦᠢ ᠬᠦᠭ᠌ᠵᠢᠯᠲᠦ




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃