24ᠴᠠᠭ ᠤᠯᠠᠷᠢᠯ > ᠬᠠᠯᠠᠭᠤᠨ ᠡᠭᠡᠬᠦ

2022-08-29 17:04:51

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

《ᠬᠠᠯᠠᠭᠤᠨ ᠡᠭᠡᠵᠦ》 ᠂ 40 ᠡᠳᠦᠷ ᠦᠷᠭᠦᠯᠵᠢᠯᠡᠭ᠌ᠰᠡᠨ 《 ᠭᠤᠷᠪᠠᠨ ᠹᠦ᠋》 ᠳᠠᠭᠤᠰᠭᠤ ᠪᠤᠯᠣᠯ᠎ᠠ᠂ ᠠᠭᠤᠷ ᠠᠮᠢᠰᠬᠤᠯ ᠬᠤᠪᠢᠷᠠᠵᠦ᠂ ᠴᠠᠭ ᠤᠯᠠᠷᠢᠯ ᠰᠤᠯᠢᠬᠲᠠᠬᠤ ᠵᠠᠨᠭᠬᠢᠯᠠᠭ᠎ᠠ᠎ᠶᠢᠨ ᠡᠨᠡ ᠦᠶ᠎ᠡ᠎ᠳᠦ ᠪᠡᠶ᠎ᠡ ᠪᠠᠨ ᠬᠡᠷᠬᠢᠨ ᠰᠣᠪᠢᠯᠠᠪᠠᠯ ᠵᠤᠬᠢᠰᠲᠠᠢ ᠪᠤᠢ?

ᠹᠦ᠋ ᠲᠠᠭᠤᠰᠴᠦ ᠨᠠᠮᠤᠷ᠎ᠪᠤᠯᠬᠤ ᠶ᠋ᠢᠨ ᠨᠡᠢᠲᠡᠯᠢᠭ ᠣᠨᠴᠠᠯᠢᠭ ᠪᠣᠯ ᠳᠠᠷᠤᠶ ᠠᠭᠤᠷ ᠠᠮᠢᠰᠭᠤᠯ ᠬᠠᠭᠤᠷᠠᠢᠰᠢᠵᠦ᠂ ᠬᠤᠷ᠎ᠠ ᠲᠤᠨᠲᠠᠰᠦ ᠪᠠᠭᠠᠰᠬᠤ ᠪᠤᠯᠤᠨ᠎ᠠ᠃ ᠡᠢᠮᠦ ᠡᠴᠡ ᠡᠨᠡ᠎ᠬᠦ ᠬᠤᠭᠤᠴᠠᠭᠠᠨ᠎ᠳᠡᠬᠢ ᠪᠡᠶ᠎ᠡ ᠰᠤᠪᠢᠯᠠᠯᠲᠠ᠎ᠶᠢᠨ ᠵᠠᠨᠭᠬᠢᠯᠠᠭ᠎ᠠ ᠨᠢ 《ᠨᠠᠮᠤᠷ ᠎ᠦᠨ ᠶᠠᠳᠠᠷᠠᠭ᠎ᠠ 》ᠡᠴᠡ ᠰᠡᠷᠭᠡᠢᠯᠡᠬᠦ᠌᠎ᠳᠦ ᠪᠠᠢᠨ᠎ᠠ᠃

ᠨᠠᠮᠤᠷ ᠎ᠤᠨ ᠶᠠᠳᠠᠷᠠᠭ᠎ᠠ᠎ᠶ᠋ᠢ ᠬᠡᠷᠬᠢᠨ ᠰᠡᠷᠭᠡᠢᠯᠡᠬᠦ᠌ ᠪᠤᠢ?

1.ᠭᠡᠷ᠎ᠦᠨ ᠳᠤᠯᠠᠭᠠᠨ ᠬᠡᠲᠦ ᠥᠨᠳᠥᠷ ᠪᠢᠰᠢ ᠪᠣᠯ ᠡᠲᠦᠷ ᠲᠡᠭᠡᠨ ᠠᠭᠠᠷ ᠲᠣᠬᠢᠷᠠᠭᠤᠯᠤᠭ᠍ᠴᠢ᠎ᠶ᠋ᠢ ᠠᠯᠢ ᠴᠢᠳᠠᠬᠤ ᠪᠠᠷ ᠨᠡᠬᠡᠬᠡᠬᠦ᠌ ᠦᠭᠡᠢ ᠪᠤᠯ ᠰᠠᠢᠨ᠃ ᠴᠣᠩᠬᠣ ᠪᠠᠨ ᠨᠡᠭᠡᠭᠡᠵᠦ᠍ ᠨᠠᠮᠤᠷ᠎ᠤᠨ ᠰᠡᠷᠢᠭᠦᠨ ᠠᠭᠠᠷ᠎ᠢ ᠨᠡᠪᠳᠡᠷᠡᠬᠦᠯᠪᠡᠯ ᠪᠤᠯᠴᠢᠬᠠᠨ᠎ᠠ᠃

2.ᠰᠥᠨᠢ ᠤᠨᠲᠠᠬᠤ᠎ᠳᠠᠭᠠᠨ ᠡᠭᠦᠳᠡ ᠴᠣᠩᠬᠣ᠎ᠪᠠᠨ ᠬᠠᠭᠠᠵᠤ᠂ ᠬᠡᠪᠡᠯᠢ᠎ᠶ᠋ᠢᠨ ᠬᠡᠰᠡᠭ᠎ᠢᠶᠡᠨ ᠨᠢᠮᠭᠡᠨ ᠬᠥᠨᠵᠢᠯᠡ᠎ᠪᠡᠷ ᠬᠤᠴᠢᠵᠤ᠂ ᠨᠠᠮᠤᠷ᠎ᠤᠨ ᠰᠠᠯᠬᠢ ᠳᠡᠯᠢᠭᠦᠦ ᠬᠣᠳᠣᠭᠣᠳᠣ᠎ᠶᠢ ᠵᠢᠩᠭᠢᠨᠡᠭᠦᠯᠬᠦ᠌᠎ᠡᠴᠡ ᠰᠡᠷᠭᠡᠢᠯᠡᠨ᠎ᠡ᠃

3.ᠪᠦᠯᠢᠶᠡᠨ ᠢᠳᠡᠭᠡᠨ ᠢᠯᠡᠭᠦᠬᠡᠨ ᠢᠳᠡᠵᠦ᠍᠂ ᠬᠦᠢᠲᠡᠨ ᠪᠤᠶᠤ ᠰᠡᠳᠦᠯᠲᠡ᠎ᠲᠡᠶ ᠢᠳᠡᠭᠡᠨ ᠢᠳᠡᠬᠦ᠌᠎ᠶ᠋ᠢ ᠴᠡᠭᠡᠷᠯᠡᠵᠦ᠍᠂ ᠥᠭᠡᠬᠦ᠌ ᠢᠯᠡᠭᠦᠳᠡᠬᠦ᠌ ᠪᠠ ᠬᠣᠳᠣᠭᠣᠳᠣ ᠭᠡᠳᠡᠰᠦᠨ᠎ᠦ ᠱᠢᠩᠭᠡᠭᠡᠯᠲᠡ ᠮᠠᠭᠤᠳᠠᠬᠤ᠎ᠠᠴᠠ ᠰᠡᠷᠭᠡᠢᠯᠡᠨ᠎ᠡ᠃ ᠹᠦ᠋ ᠭᠠᠷᠤᠭ᠍ᠰᠠᠨ᠎ᠤ ᠳᠠᠷᠠᠭ᠎ᠠ ᠴᠢᠭᠢᠭ᠎ᠢ ᠬᠦᠬᠡᠬᠡᠬᠦ ᠪᠠ ᠬᠠᠭᠤᠷᠠᠶ᠎ᠶ᠋ᠢ ᠰᠡᠷᠭᠡᠢᠯᠡᠬᠦ᠌᠎ᠶ᠋ᠢ ᠠᠩᠬᠠᠷᠴᠤ᠌᠂ ᠱᠢᠮ᠎ᠡ ᠲᠡᠵᠢᠭᠡᠯ᠎ᠢ ᠨᠦᠬᠦᠵᠦ᠂ ᠬᠠᠯᠠᠭᠤᠨ᠎ᠢ ᠬᠦᠬᠡᠬᠡᠨ᠂ ᠰᠢᠨᠭᠭᠡᠭᠡᠯᠳᠡ᠎ᠳᠤ ᠰᠠᠢᠨ ᠪᠠᠢᠲᠠᠭ ᠴᠠᠭᠠᠨ ᠬᠡᠮᠬᠡ᠂ ᠭᠠᠱᠢᠭᠤᠨ ᠬᠡᠮᠬᠡ᠎ᠶᠢ ᠢᠯᠡᠭᠦᠭᠡᠨ ᠱᠢᠭ ᠢᠳᠡᠪᠡᠯ ᠪᠡᠶ᠎ᠡ ᠎ᠶ᠋ᠢᠨ ᠡᠷᠡᠭᠦᠯ ᠮᠡᠨᠲᠤ᠂ ᠡᠷᠡᠬᠦᠯᠵᠢᠯ ᠰᠤᠪᠢᠯᠠᠯᠲᠠ᠎ᠳᠤ ᠠᠰᠢᠭ ᠲᠠᠢ᠃

4. ᠨᠠᠮᠤᠷ ᠎ᠤᠨ ᠤᠯᠠᠷᠢᠯ᠎ᠳᠤ ᠬᠦᠮᠦᠨ ᠠᠮᠠᠷᠬᠠᠨ ᠶᠠᠲᠠᠷᠠᠲᠠᠭ᠂ ᠡᠢᠮᠦ ᠡᠴᠡ ᠠᠯᠢ ᠴᠢᠳᠠᠬᠤ ᠪᠠᠷ ᠡᠳᠦᠷ ᠪᠦᠷᠢ 8 ᠴᠠᠭ ᠤᠨᠲᠠᠬᠤ ᠎ᠶ᠋ᠢ ᠪᠠᠲᠤᠯᠠᠬᠤ ᠬᠡᠷᠡᠭ᠌ᠲᠡᠶ᠃

( ᠢᠷᠡᠯᠲᠡ᠄ ᠭᠦᠯᠦᠭ ᠱᠢᠯᠵᠢᠶ᠎ᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面