24ᠴᠠᠭ ᠤᠯᠠᠷᠢᠯ > ᠬᠠᠯᠠᠭᠤᠨ ᠡᠭᠡᠬᠦ

2023-08-23 13:50:38

ᠵᠣᠬᠢᠶᠠᠭ᠍ᠴᠢ᠄ ᠮᠠ᠊ · ᠡᠷᠳᠡᠨᠢᠪᠠᠲᠣ ᠣᠩᠱᠢᠭ᠍ᠰᠠᠨ ᠣᠳᠠᠭ᠎ᠠ᠄ 3

ᠴᠠᠬ ᠬᠣᠭᠣᠴᠠᠭᠠᠨ᠎ᠤ ᠴᠠᠯ ᠬᠦᠬᠡ ᠮᠦᠴᠢᠷ ᠲᠡᠭᠡᠷ᠎ᠡ

ᠴᠡᠩᠭᠡᠷ ᠲᠠᠬᠲᠠᠭ᠎ᠠ ᠠᠶᠠᠷᠬᠠᠨ ᠬᠦᠬᠦᠲᠦᠨᠡᠬᠦ ᠮᠡᠲᠦ ᠰᠣᠨᠣᠰᠲᠠᠭᠠᠳ

ᠴᠢᠬᠢᠨ ᠳ᠋ᠦ ᠮᠢᠨᠢ ᠨᠠᠮᠬᠠᠨ ᠲᠠᠭᠣᠨ ᠬᠠᠩᠬᠢᠨᠠᠨ᠎ᠠ

ᠴᠡᠭᠡᠵᠢᠨ ᠳ᠋ᠦ ᠮᠢᠨᠢ ᠵᠡᠯᠡᠭᠡᠬᠡᠨ ᠠᠮᠢᠰᠬᠣᠭ᠎ᠠ ᠰᠡᠩᠬᠢᠨᠠᠨ᠎ᠠ

ᠴᠡᠩᠭᠡᠷ ᠠᠭᠣᠯᠠᠨ ᠳ᠋ᠦ ᠰᠢᠷ᠎ᠠ ᠨᠠᠷᠠ ᠣᠭᠣᠬᠢᠯᠠᠨ᠎ᠠ

ᠴᠢᠩ ᠰᠡᠳᠬᠢᠯ᠎ᠤᠨ ᠨᠠᠨᠳᠢᠨ ᠲᠣᠷᠠᠳᠬᠠᠯ ᠬᠦᠪᠦᠷᠡᠨ᠎ᠡ

ᠬᠠᠯᠠᠭᠣᠨ ᠡᠭᠡᠬᠦ ᠳ᠋ᠦ ᠪᠢ ᠭᠠᠭᠴᠠᠭᠠᠷᠳᠠᠮᠠᠷ ᠁



ᠣᠷᠴᠢᠬᠣ ᠣᠯᠠᠷᠢᠯ᠎ᠤᠨ ᠣᠯᠣᠮ᠎ᠤᠨ ᠬᠦᠬᠡ ᠣᠰᠣᠨ ᠲᠡᠭᠡᠷ᠎ᠡ

ᠠᠯᠲᠠᠭᠣᠯ ᠠᠲᠣᠭᠣ ᠬᠠᠩᠬᠢᠨᠠᠲᠠᠯ᠎ᠠ ᠢᠨᠴᠠᠭᠠᠬᠣ ᠮᠡᠲᠦ ᠰᠠᠨᠠᠬᠲᠠᠭᠠᠳ

ᠣᠷᠣᠭ᠎ᠠ ᠡᠬᠦᠯᠡᠰ ᠮᠠᠨᠠᠨ ᠪᠣᠯᠵᠣ ᠨᠠᠪᠰᠠᠢᠨ᠎ᠠ

ᠣᠰᠣᠨ᠎ᠤ ᠰᠢᠪᠠᠭᠣᠳ ᠵᠣᠯᠵᠠᠭ᠎ᠠ ᠪᠠᠨ ᠲᠠᠭᠠᠭᠣᠯᠵᠦ ᠨᠢᠰᠣᠨ᠎ᠠ

ᠣᠲᠣᠷ᠎ᠤᠨ ᠠᠢᠯ᠎ᠤ᠋ᠤᠨ ᠵᠡᠷᠭᠡᠯᠭᠡᠨ ᠳ᠋ᠦ ᠨᠣᠷᠠᠵᠦ ᠬᠣᠯᠠᠲᠠᠨ᠎ᠠ

ᠣᠷᠴᠢᠯᠠᠩ᠎ᠤᠨ ᠰᠠᠯᠬᠢ ᠣᠯᠠᠷᠢᠯ᠎ᠢ ᠠᠷᠭᠠᠲᠠᠵᠦ ᠬᠣᠩᠭᠣᠷᠯᠠᠨ᠎ᠠ

ᠬᠠᠯᠠᠭᠣᠨ ᠡᠭᠡᠬᠦ ᠳ᠋ᠦ ᠪᠢ ᠭᠠᠬᠴᠠᠭᠠᠷᠲᠠᠮᠠᠷ ᠁



ᠡᠷᠬᠢᠬᠦ ᠴᠠᠬ᠎ᠤᠨ ᠡᠮᠵᠡᠭ ᠵᠢᠷᠦᠭᠡᠨ᠎ᠤ ᠣᠶᠠᠭᠠᠨ ᠲᠡᠭᠡᠷ᠎ᠡ

ᠡᠳᠦᠷ ᠬᠣᠨᠣᠬ ᠪᠣᠲᠠᠷᠠᠲᠠᠯ᠎ᠠ ᠬᠦᠶᠦᠯᠲᠦᠬᠦ ᠮᠡᠲᠦ ᠪᠣᠲᠣᠬᠲᠠᠭᠠᠳ

ᠦᠯᠢ᠎ᠶᠢᠨ ᠲᠠᠪᠠᠭ᠎ᠠ ᠨᠢᠲᠣᠨ ᠳ᠋ᠦ ᠤᠢᠷᠠᠬᠠᠨ ᠰᠦᠮᠡᠯᠵᠡᠨ᠎ᠡ

ᠦᠨᠵᠢᠬᠦᠯ᠎ᠤᠨ ᠨᠠᠢᠷ ᠲᠣᠣᠯᠢᠶᠠᠨ᠎ᠶ᠋ᠢᠡᠨ ᠲᠠᠭᠠᠵᠦ ᠲᠠᠷᠬᠠᠨ᠎ᠠ

ᠦᠶᠡᠴᠣᠣᠯ᠎ᠶ᠋ᠢᠡᠨ ᠰᠠᠨᠠᠬᠣ ᠮᠦᠷᠦᠭᠡᠲᠦᠯ᠎ᠤᠨ ᠠᠶᠠᠯᠭᠣ ᠴᠡᠩᠭᠡᠷᠲᠦᠨ᠎ᠡ

ᠦᠯᠡᠮᠵᠢ᠎ᠶᠢᠨ ᠴᠢᠨᠠᠷ ᠰᠣᠯᠣᠩᠭᠠᠨ ᠵᠠᠢ ᠳ᠋ᠦ ᠡᠷᠢᠭᠲᠡᠨ᠎ᠡ

ᠬᠠᠯᠠᠭᠣᠨ ᠡᠭᠡᠬᠦ ᠳ᠋ᠦ ᠪᠢ ᠭᠠᠬᠴᠠᠭᠠᠷᠲᠠᠮᠠᠷ ᠡ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面