24ᠴᠠᠭ ᠤᠯᠠᠷᠢᠯ > ᠬᠠᠯᠠᠭᠤᠨ ᠡᠭᠡᠬᠦ

2022-08-29 16:35:19

ᠵᠣᠬᠢᠶᠠᠭ᠍ᠴᠢ᠄ ᠴᠠᠩ ᠶᠠᠨ ᠵᠢᠶᠦ᠋ᠨ ᠣᠩᠱᠢᠭ᠍ᠰᠠᠨ ᠣᠳᠠᠭ᠎ᠠ᠄ 3

《ᠬᠠᠯᠠᠭᠤᠨ ᠡᠭᠡᠬᠦ᠌》 ᠣᠯᠠᠷᠢᠯ ᠎ᠳᠤ ᠮᠠᠰᠢ ᠤᠯᠠᠨ ᠤᠯᠠᠮᠵᠢᠯᠠᠯᠲᠦ ᠵᠠᠩ ᠦᠢᠯᠠ ᠪᠠᠢᠳᠠᠭ᠃ ᠵᠢᠱ᠌ᠢᠶᠡᠯᠡᠪᠡᠯ᠄ ᠨᠤᠭᠤᠰᠤᠨ ᠮᠢᠬ᠎ᠠ ᠡᠴᠡ ᠠᠮᠲᠠᠯᠠᠬᠤ᠂ ᠭᠣᠣᠯ᠎ᠳᠤ ᠵᠤᠯᠠ ᠲᠠᠯᠪᠢᠬᠤ᠂ ᠵᠢᠭᠠᠰᠤ ᠠᠩᠨᠠᠬᠤ ᠨᠠᠢᠷ ᠬᠢᠬᠦ᠌᠂ ᠡᠮᠲᠦ ᠴᠠᠢ ᠴᠢᠨᠠᠬᠤ᠂ ᠨᠤᠲᠤᠭ᠎ᠤᠨ ᠨᠠᠪᠳᠠᠭ ᠰᠠᠪᠳᠠᠭ᠎ᠲᠦ ᠮᠥᠷᠭᠥᠬᠦ᠌ ᠵᠡᠷᠭᠡ᠃ ᠲᠤᠤᠷ᠎ᠠ ᠪᠢᠳᠡ《ᠬᠠᠯᠠᠭᠤᠨ ᠡᠬᠡᠬᠦ》 ᠤᠯᠠᠷᠢᠯ᠎ᠤᠨ ᠰᠤᠨᠢᠷᠬᠠᠯ ᠲᠠᠢ ᠬᠡᠲᠦᠨ ᠵᠠᠩ ᠦᠢᠯᠡ ᠡᠴᠡ ᠤᠢᠯᠠᠭᠠᠵᠠᠭᠠᠶ᠎ᠠ!

QQ截图20220829170117.png

《ᠭᠣᠣᠯ᠎ᠳᠤ ᠵᠤᠯᠠ ᠲᠠᠯᠪᠢᠬᠤ 》

《ᠬᠠᠯᠠᠭᠤᠨ ᠡᠭᠡᠬᠦ᠌》ᠣᠯᠠᠷᠢᠯ ᠎ᠳᠤ ᠠᠷᠠᠳ᠎ᠤᠨ ᠳᠤᠮᠳᠠ 《ᠳᠣᠯᠣᠭᠠᠨ ᠰᠠᠷ᠎ᠠ ᠬᠠᠭᠠᠰ》 ᠎ᠢ ᠪᠡᠯᠭᠡᠯᠡᠬᠦ᠌ ᠵᠠᠩ ᠦᠢᠯᠡ᠎ᠶ᠋ᠢᠨ ᠠᠵᠢᠯᠯᠠᠭ᠎ᠠ ᠵᠤᠬᠢᠶᠠᠨ ᠪᠠᠢᠭᠤᠯᠲᠠᠭ᠃ ᠲᠤᠰ ᠵᠠᠩ ᠦᠢᠯᠡ ᠨᠢ ᠭᠣᠣᠯᠳᠠᠭᠤ ᠳᠡᠭᠡᠳᠦᠰ᠎ᠢᠶᠡᠨ ᠲᠠᠬᠢᠬᠤ ᠪᠠ ᠨᠠᠮᠤᠷ᠎ᠢ ᠤᠭ᠍ᠲᠤᠬᠤ᠎ᠲᠠᠶ ᠬᠣᠯᠪᠣᠭ᠎ᠠ᠎ᠲᠠᠶ᠃ ᠵᠦᠵᠢᠶᠠᠩ ᠮᠥᠷᠡᠨ᠎ᠦ ᠭᠤᠷᠪᠠᠯᠵᠢᠨ ᠬᠣᠢᠭ᠎ᠤᠨ ᠵᠠᠷᠢᠮ ᠲᠣᠰᠭᠣᠨ᠎ᠳᠤ ᠪᠠᠰᠠ ᠲᠦᠯᠡᠰᠢ ᠲᠤᠶᠢᠩ ᠦᠭᠬᠦ ᠡᠲᠦᠷ᠎ᠢ ᠪᠡᠯᠭᠡᠯᠡᠬᠦ᠌ ᠵᠠᠩ ᠦᠢᠯᠡ᠎ᠶ᠋ᠢᠨ ᠠᠵᠢᠯᠯᠠᠭ᠎ᠠ ᠪᠠᠢᠵᠤ᠂ ᠪᠢᠯᠢᠭ᠎ᠦᠨ ᠤᠯᠠᠷᠢᠯ᠎ᠤᠨ ᠳᠣᠯᠣᠭᠠᠨ ᠰᠠᠷ᠎ᠠ᠎ᠶ᠋ᠢᠨ ᠱᠢᠨ᠎ᠡ᠎ᠶ᠋ᠢᠨ ᠨᠢᠭᠡᠨ᠎ᠡᠴᠡ ᠡᠬᠢᠯᠡᠨ᠂ ᠭᠣᠣᠯ᠎ᠳᠤ ᠵᠤᠯᠠ ᠲᠠᠯᠪᠢᠬᠤ ᠵᠡᠷᠭᠡ ᠠᠵᠢᠯᠯᠠᠭ᠎ᠠ ᠡᠬᠢᠯᠡᠳᠡᠭ ᠪᠠᠢᠨ᠎ᠠ᠃

QQ截图20220829170132.png

《ᠵᠢᠭᠠᠰᠤ ᠠᠩᠨᠠᠬᠤ ᠨᠠᠢᠷ 》

ᠲᠡᠯᠡᠶ ᠳᠠᠭᠠᠤ ᠣᠷᠣᠨ᠎ᠤ ᠵᠢᠭᠠᠰᠤᠴᠢᠨ᠎ᠳᠤ ᠠᠪᠴᠤ᠌ ᠬᠡᠯᠡᠪᠡᠯ᠂ ᠠᠭᠤᠷ ᠠᠮᠢᠰᠬᠤᠯ ᠬᠠᠯᠠᠭᠤᠨ ᠤᠯᠠᠷᠢᠯ ᠪᠤᠯ ᠵᠢᠭᠠᠰᠤ ᠡᠯᠪᠡᠭ ᠬᠤᠷᠢᠶᠠᠲᠠᠭ ᠤᠯᠠᠷᠢᠯ ᠶᠤᠮ᠃ 《ᠬᠠᠯᠠᠭᠤᠨ ᠡᠭᠡᠬᠦ᠌》 ᠣᠯᠠᠷᠢᠯ ᠎ᠳᠤ᠂ ᠵᠧᠵᠢᠶᠠᠩ ᠮᠤᠵᠢ᠎ᠶ᠋ᠢᠨ ᠲᠡᠯᠡᠶ ᠳᠠᠭᠠᠤ ᠣᠷᠣᠨ᠎ᠳᠤ ᠵᠢᠯ ᠪᠦᠷᠢ ᠨᠢᠬᠡ ᠤᠲᠠᠭᠠᠨ᠎ᠤ ᠦᠪᠡᠳᠡᠭ᠌ᠰᠢ ᠶᠡᠬᠡ ᠵᠢᠭᠠᠰᠤ ᠠᠩᠨᠠᠬᠤ ᠨᠠᠢᠷ ᠬᠢᠳᠡᠭ᠃

QQ截图20220829170143.png

《ᠡᠮᠲᠦ ᠴᠠᠢ ᠴᠢᠨᠠᠬᠤ》

《ᠬᠠᠯᠠᠭᠤᠨ ᠡᠭᠡᠬᠦ᠌》ᠣᠯᠠᠷᠢᠯ ᠎ᠳᠤ ᠭᠤᠸᠠᠩᠳᠦ᠋ᠩ ᠭᠤᠸᠠᠩᠰᠢ ᠣᠷᠣᠨ᠎ᠳᠤ ᠡᠮᠲᠦ ᠴᠠᠢ ᠴᠢᠨᠠᠬᠤ ᠵᠠᠩᠱᠢᠯ᠎ᠲᠠᠶ᠃ ᠬᠥᠮᠦᠰ ᠭᠡᠷ᠎ᠲᠡᠬᠡᠨ ᠡᠮᠲᠦ ᠴᠠᠢ ᠴᠢᠨᠠᠬᠤ ᠪᠦᠬᠡᠳ ᠪᠠᠰᠠ ᠪᠦᠭ᠌ᠴᠢᠮ ᠬᠠᠯᠠᠭᠤᠨ ᠡᠳᠦᠷ ᠭᠠᠷᠪᠠᠯ᠂ ᠬᠦᠢᠲᠡᠨ ᠴᠠᠢ ᠴᠢᠨᠠᠵᠤ ᠪᠡᠶ᠎ᠡ᠎ᠶᠢᠨ ᠬᠠᠯᠠᠭᠤᠨ᠎ᠶ᠋ᠢᠡᠨ ᠪᠠᠭᠤᠷᠠᠭᠤᠯᠳᠠᠭ᠃

QQ截图20220829170154.png

《ᠨᠤᠲᠤᠭ᠎ᠤᠨ ᠨᠠᠪᠳᠠᠭ ᠰᠠᠪᠳᠠᠭ᠎ᠲᠦ ᠮᠥᠷᠭᠥᠬᠦ᠌》

《ᠬᠠᠯᠠᠭᠤᠨ ᠡᠭᠡᠬᠦ᠌》ᠣᠯᠠᠷᠢᠯ ᠎ᠪᠤᠯ ᠶᠠᠭ ᠲᠠᠷᠢᠶ᠎ᠠ ᠲᠦᠮᠦᠰᠦ ᠬᠤᠷᠢᠶᠠᠬᠤ ᠴᠠᠭ ᠪᠠᠢᠵᠤ᠂ ᠡᠷᠲᠡᠨ᠎ᠦ ᠬᠥᠮᠦᠰ ᠡᠯ᠎ᠡ ᠵᠦᠢᠯ᠎ᠦᠨ ᠶᠣᠰᠣᠯᠠᠯ ᠶᠠᠪᠤᠭᠤᠯᠵᠤ ᠳᠡᠭᠡᠳᠦᠰ᠎ᠢᠶᠡᠨ ᠳᠠᠬᠢᠬᠤ ᠪᠤᠶᠤ ᠨᠤᠲᠤᠭ᠎ᠤᠨ ᠨᠠᠪᠳᠠᠭ ᠰᠠᠪᠳᠠᠭ ᠳ᠋ᠠᠭᠠᠨ ᠮᠦᠷᠭᠦᠨ ᠲᠠᠯᠠᠷᠬᠠᠳᠠᠭ᠃

(ᠢᠷᠡᠯᠲᠠ᠄ ᠬᠦᠯᠦᠭ ᠱᠢᠯᠵᠢᠶ᠎ᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面