24ᠴᠠᠭ ᠤᠯᠠᠷᠢᠯ > ᠬᠠᠯᠠᠭᠤᠨ ᠡᠭᠡᠬᠦ

2022-08-31 09:34:40

ᠵᠣᠬᠢᠶᠠᠭ᠍ᠴᠢ᠄ ᠭᠤᠤ ᠷᠦᠢ ᠹᠸᠩ ᠣᠩᠱᠢᠭ᠍ᠰᠠᠨ ᠣᠳᠠᠭ᠎ᠠ᠄ 3

8 ᠰᠠᠷ᠎ᠠ᠎ᠶ᠋ᠢᠨ 23 ᠎ᠤ᠋ ᠡᠳᠦᠷ ᠂ ᠪ ᠤᠨ ᠳᠣᠯᠣ ᠭᠠᠨ ᠰᠠᠷ᠎ᠠ᠎ᠶ᠋ᠢᠨ ᠬᠣᠷᠢᠨ ᠵᠢᠷᠭᠤᠭᠠᠨ ᠪᠣᠯ ᠬᠣᠷᠢᠨ ᠳᠥᠷᠪᠡᠨ ᠴᠠᠭ ᠤᠯᠠᠷᠢᠯ᠎ᠤᠨ ᠠᠷᠪᠠᠨ ᠳᠥᠷᠪᠡᠳᠦᠭᠡᠷ ᠴᠠᠭ ᠤᠯᠠᠷᠢᠯ ᠪᠣᠯᠤᠨ᠎ᠠ᠃ ᠬᠠᠯᠠᠭᠤᠨ ᠠᠭᠤᠷ ᠡᠨᠳᠡ ᠬᠦᠷᠦᠭᠡᠳ ᠵᠣᠭ᠍ᠰᠣᠵᠤ ᠂ ᠭᠤᠷᠪᠠᠨ ᠹᠦ ᠳᠠᠭᠤᠰᠤᠭᠠᠳ ᠂ ᠠᠭᠠᠭᠢᠮ᠎ᠠ ᠬᠠᠯᠠᠭᠤᠨ ᠥᠩᠭᠡᠷᠠᠨ ᠤᠳᠤᠭᠰᠠᠨ᠎ᠢ ᠬᠠᠷᠠᠭᠤᠯᠤᠨ᠎ᠠ᠃

ᠡᠨᠡ ᠦᠶᠡᠰ ᠥᠪᠥᠷ ᠮᠣᠩᠭᠣᠯ᠎ᠳᠤ ᠲᠩᠷᠢ ᠴᠡᠯᠡᠢᠵᠤ ᠡᠭᠦᠯᠡ ᠨᠢ ᠨᠢᠮᠭᠡᠷᠡᠨ᠎ᠡ᠂ ᠬᠦᠢᠲᠡᠨ ᠴᠦ᠍ ᠦᠭᠡᠢ ᠬᠠᠯᠠᠭᠤᠨ ᠴᠤ᠌ ᠦᠭᠡᠢ᠂ ᠦᠩᠭᠡ ᠦᠵᠡᠮᠵᠢ ᠵᠢᠷᠤᠭ ᠰᠢᠭ᠋ ᠭᠤᠶᠤ; ᠲᠠᠯ᠎ᠠ᠎ᠳᠤ ᠪᠡᠯᠴᠢᠬᠦ ᠦᠬᠡᠷ ᠬᠣᠨᠢᠳ ᠲᠤᠰᠤᠨ ᠲᠠᠷᠭᠤ ᠠᠪᠴᠤ ᠡᠬᠢᠯᠡᠨ᠎ᠡ; ᠲᠠᠷᠢᠶ᠎ᠠ ᠲᠦᠮᠦᠰᠦ ᠪᠤᠯᠪᠠᠰᠤᠷᠠᠵᠤ᠂ ᠭᠠᠵᠠᠷ ᠪᠣᠯᠭᠠᠨ᠎ᠳᠤ ᠲᠠᠩᠰᠤᠭ ᠬᠤᠷᠢᠶᠠᠯᠲᠠ ᠶ᠋ᠢᠨ ᠦᠵᠡᠮᠵᠢ ᠬᠠᠷᠠᠬᠳᠠᠵᠤ ᠬᠠᠷᠠᠭ᠎ᠠ ᠪᠠᠶᠠᠰᠬᠠᠨ᠎ᠠ᠃

ᠬᠠᠯᠠᠭᠤᠨ ᠡᠬᠡᠬᠦ ᠴᠠᠭ᠎ᠤᠨ ᠲᠠᠷᠢᠶᠠᠯᠠᠩ᠎ᠤᠨ ᠵᠦᠢᠷ ᠰᠡᠴᠡᠨ ᠦᠭᠡ᠄ ᠲᠦᠷᠰᠦᠯᠢᠭ ᠦᠬᠡ ᠬᠡᠯᠡ ᠪᠡᠷ ᠶᠣᠰᠣ ᠵᠢ ᠱᠢᠭᠤᠳ ᠦᠬᠦᠯᠡᠵᠡᠢ

ᠬᠣᠷᠢᠨ ᠳᠥᠷᠪᠡᠨ ᠴᠠᠭ ᠤᠯᠠᠷᠢᠯ᠎ᠳᠤ《ᠭᠤᠷᠪᠠᠨ ᠬᠠᠯᠠᠭᠤᠨ》ᠪᠤᠢ ᠂ ᠲᠤᠬᠠᠢᠯᠠᠪᠠᠯ ᠪᠠᠭ᠎ᠠ ᠬᠠᠯᠠᠭᠤᠨ᠂ ᠶᠡᠬᠡ ᠬᠠᠯᠠᠭᠤᠨ᠂ ᠬᠠᠯᠠᠭᠤᠨ ᠡᠭᠡᠬᠦ ᠪᠤᠯᠤᠨ᠎ᠠ᠂ ᠳᠡᠰ ᠳᠠᠷᠠᠭ᠎ᠠ᠎ᠪᠠᠷ ᠨᠢ ᠲᠤᠰ ᠲᠤᠰ ᠡᠬᠢᠨ᠎ᠤ ᠬᠠᠯᠠᠭᠤᠨ᠂ ᠳᠤᠮᠳᠠ ᠬᠠᠯᠠᠭᠤᠨ᠂ ᠡᠴᠦᠰ᠎ᠦᠨ ᠬᠠᠯᠠᠭᠤᠨ ᠭᠡᠳᠡᠭ᠃《ᠭᠤᠷᠪᠠᠨ ᠬᠠᠯᠠᠭᠤᠨ》 ᠎ᠤ᠋ ᠳᠤᠮᠳᠠ ᠪᠠᠰᠠ ᠨᠠᠮᠤᠷ᠎ᠤᠨ ᠠᠭᠤᠷ ᠪᠤᠢ ᠂ ᠨᠠᠮᠤᠷ᠎ᠤᠨ ᠠᠭᠤᠷ ᠤᠷᠤᠭ᠍ᠰᠠᠨ᠎ᠤ ᠳᠠᠷᠠᠭ᠎ᠠ ᠰᠠᠶᠢ ᠬᠠᠯᠠᠭᠤᠨ ᠡᠬᠡᠬᠦ ᠪᠣᠯᠤᠨ᠎ᠠ᠂ ᠬᠠᠯᠠᠭᠤᠨ᠎ᠤ ᠴᠠᠭ ᠨᠡᠯᠢᠶᠡᠳ ᠣᠷᠳᠣ ᠪᠠᠢᠳᠠᠭ᠂ ᠡᠨᠡ ᠬᠤᠭᠤᠴᠠᠭᠠᠨ᠎ᠳᠤ ᠡᠨᠡ ᠵᠢᠯ᠎ᠶᠠᠭ ᠭᠤᠷᠪᠠᠨ ᠹᠦ᠋ ᠵᠢᠨ ᠬᠠᠯᠠᠭᠤᠨ ᠳᠤᠬᠢᠶᠠᠵᠤ᠂ 7 ᠰᠠᠷ᠎ᠠ᠎ᠶ᠋ᠢᠨ 16 ᠎ᠤ᠋ ᠡᠳᠦᠷ᠎ᠡᠴᠡ 8 ᠰᠠᠷ᠎ᠠ᠎ᠶ᠋ᠢᠨ 24 ᠎ᠤ᠋ ᠡᠳᠦᠷ ᠪᠣᠯᠲᠠᠯ᠎ᠠ 40 ᠡᠳᠦᠷ ᠪᠤᠯᠤᠨ᠎ᠠ᠃

ᠤᠯᠤᠰ᠎ᠤᠨ ᠣᠯᠠᠨ ᠨᠡᠢᠲᠡ᠎ᠶ᠋ᠢᠨ ᠱᠢᠮ᠎ᠡ ᠲᠡᠵᠢᠭᠡᠯ᠎ᠤᠨ ᠮᠡᠷᠬᠡᠵᠢᠯᠳᠠᠨ᠂ ᠥᠪᠥᠷ ᠮᠣᠩᠭᠣᠯ᠎ᠤᠨ ᠱᠢᠮ᠎ᠡ ᠲᠡᠵᠢᠭᠡᠯ ᠡᠷᠡᠭᠦᠯ ᠮᠡᠨᠳᠦ᠍᠎ᠶ᠋ᠢᠨ ᠬᠠᠮᠢᠶᠠᠷᠤᠯᠲᠠ᠎ᠶ᠋ᠢᠨ ᠨᠡᠢᠭᠡᠮᠯᠢᠭ᠎ᠦᠨ ᠳᠡᠳ᠋ ᠳᠠᠷᠤᠭ᠎ᠠ ᠱᠢᠩ ᠶᠠᠨ ᠴᠦᠨ᠎ᠤ ᠬᠡᠯᠡᠬᠦ᠌᠎ᠪᠡᠷ ᠂ ᠬᠠᠯᠠᠭᠤᠨ ᠡᠭᠡᠬᠦ ᠪᠣᠯ ᠬᠣᠷᠢᠨ ᠳᠥᠷᠪᠡᠨ ᠴᠠᠭ ᠤᠯᠠᠷᠢᠯ᠎ᠤᠨ ᠠᠭᠤᠷ ᠠᠮᠢᠰᠭᠤᠯ᠎ᠤᠨ ᠬᠤᠪᠢᠷᠠᠯᠲᠠ᠎ᠶ᠋ᠢ ᠲᠤᠰᠭᠠᠬᠰᠠᠨ ᠴᠠᠭ ᠤᠯᠠᠷᠢᠯ ᠪᠤᠯᠤᠨ᠎ᠠ ᠂ ᠬᠠᠯᠠᠭᠤᠨ ᠡᠭᠡᠬᠦ ᠴᠠᠭ ᠤᠯᠠᠷᠢᠯ ᠥᠩᠭᠡᠷᠡᠭ᠌ᠰᠡᠨ᠎ᠦ ᠳᠠᠷᠠᠭ᠎ᠠ ᠠᠭᠠᠷ᠎ᠤᠨ ᠳᠤᠯᠠᠭᠠᠨ ᠢᠳᠡᠭ ᠢᠳᠡᠭ᠎ᠢᠶᠡᠷ ᠪᠠᠭᠤᠷᠠᠬᠤ ᠨᠢ ᠤᠯᠠᠮ ᠢᠯᠡᠷᠬᠡᠶ ᠪᠣᠯᠤᠨ᠎ᠠ ᠂ ᠭᠡᠪᠡᠴᠦ᠍ ᠡᠮᠦᠨᠡᠲᠦ ᠣᠷᠣᠨ᠎ᠳᠤ ᠬᠠᠯᠠᠭᠤᠨ ᠡᠭᠡᠬᠦ ᠴᠠᠭ ᠤᠯᠠᠷᠢᠯ᠎ᠤᠨ ᠡᠴᠦᠰ ᠲᠦ᠍ ᠠᠭᠠᠬᠢᠮ᠎ᠠ ᠬᠠᠯᠠᠭᠤᠨ ᠴᠠᠭ ᠠᠭᠤᠷ ᠳᠠᠬᠢᠨᠲᠠ ᠲᠣᠬᠢᠶᠠᠯᠳᠤᠳᠠᠭ ᠂ ᠡᠨᠡ ᠪᠣᠯ ᠳᠠᠷᠤᠶ ᠨᠡᠷ᠎ᠡ ᠨᠢᠳᠡᠷ᠎ᠲᠡᠬᠡᠨ ᠨᠡᠢᠴᠡᠭ᠌ᠰᠡᠨ ᠨᠠᠮᠤᠷ᠎ᠤᠨ ᠬᠠᠯᠠᠭᠤᠨ ᠬᠡᠯᠳᠡᠢ᠃

ᠥᠪᠥᠷ ᠮᠣᠩᠭᠣᠯ᠎ᠤᠨ ᠠᠷᠠᠳ᠎ᠤᠨ ᠤᠳᠭ᠎ᠠ ᠤᠷᠠᠯᠢᠬ᠎ᠤᠨ ᠬᠢᠨ᠎ᠤ ᠨᠡᠢᠭᠡᠮᠯᠢᠭ᠎ᠦᠨ ᠭᠡᠱᠢᠭᠦᠨ ᠯᠢ ᠶᠦᠩ ᠠᠨ ᠪᠣᠯ ᠥᠪᠥᠷ ᠮᠣᠩᠭᠣᠯ᠎ᠤᠨ ᠲᠣᠭ᠍ᠲᠠᠬᠤ ᠱᠢᠶᠠᠨ᠎ᠤ ᠬᠥᠮᠦᠨ ᠪᠤᠯᠤᠨ᠎ᠠ᠂ ᠠᠷᠠᠳ᠎ᠤᠨ ᠵᠠᠩ ᠦᠢᠯᠡ᠎ᠶ᠋ᠢᠨ ᠰᠣᠶᠣᠯ᠎ᠳᠤ ᠪᠠᠬᠠᠲᠠᠢ᠂ ᠤᠯᠠᠨ ᠵᠢᠯ᠎ᠦᠨ ᠲᠤᠷᠰᠢ ᠴᠠᠭ ᠤᠯᠠᠷᠢᠯ᠎ᠤᠨ ᠲᠤᠬᠠᠢ ᠮᠠᠰᠢ ᠠᠷᠪᠢᠨ ᠲᠠᠷᠢᠶᠠᠯᠠᠩ᠎ᠤᠨ ᠵᠦᠢᠷ ᠰᠡᠴᠡᠨ ᠦᠭᠡ᠎ᠶ᠋ᠢ ᠴᠤᠭ᠍ᠯᠠᠭᠤᠯᠵᠠᠢ᠂ ᠨᠢᠬᠡᠨ ᠴᠠᠭ ᠤᠯᠠᠷᠢᠯ ᠬᠦᠷᠴᠤ ᠢᠷᠡᠬᠦ ᠪᠦᠷᠢ ᠲᠡᠷᠡ ᠲᠠᠷᠢᠶᠠᠯᠠᠩ᠎ᠤᠨ ᠵᠦᠢᠷ ᠰᠡᠴᠡᠨ ᠦᠭᠡ᠎ᠪᠡᠷ ᠲᠤᠰ ᠴᠠᠭ ᠤᠯᠠᠷᠢᠯ᠎ᠤᠨ ᠣᠨᠴᠠᠯᠢᠭ᠎ᠢ ᠢᠯᠡᠳᠭᠡᠳᠡᠭ᠂ ᠡᠳᠡᠭᠡᠷ ᠵᠦᠢᠷ ᠰᠡᠴᠡᠨ ᠦᠭᠡ ᠨᠢ ᠠᠮᠢᠳᠤᠯᠢᠭ ᠪᠦᠭᠡᠳ ᠶᠣᠰᠣ ᠤᠴᠢᠷ᠎ᠢ ᠱᠢᠭᠤᠳ ᠢᠯᠡᠳᠭᠡᠵᠦ᠂ ᠵᠠᠷᠢᠮ ᠨᠢ ᠪᠠᠰᠠ ᠱᠣᠭ ᠶᠦᠮᠦᠷᠯᠢᠭ ᠪᠠᠢᠳᠠᠭ᠃

ᠯᠢ ᠶᠦᠩ ᠠᠨ᠎ᠤ ᠶᠠᠷᠢᠬᠤ ᠪᠡᠷ᠂ ᠬᠠᠯᠠᠭᠤᠨ ᠡᠭᠡᠬᠦ ᠴᠠᠭ ᠤᠯᠠᠷᠢᠯ ᠬᠦᠷᠴᠦ ᠢᠷᠡᠪᠡᠯ᠂ ᠬᠠᠯᠠᠭᠤᠨ ᠠᠭᠤᠷ ᠠᠭᠠᠵᠢᠮ᠎ᠢᠶᠠᠷ ᠪᠠᠭᠤᠷᠠᠵᠤ᠂ ᠨᠠᠮᠤᠷ᠎ᠤᠨ ᠰᠡᠷᠢᠬᠦᠦ ᠤᠷᠤᠨ᠎ᠠ᠂ ᠡᠳᠦᠷ ᠰᠥᠨᠢ᠎ᠶ᠋ᠢᠨ ᠳᠤᠯᠠᠭᠠᠨ᠎ᠤ ᠵᠥᠷᠢᠶ᠎ᠡ ᠶᠡᠬᠡ ᠪᠤᠯᠤᠨ᠎ᠠ᠂ ᠡᠢᠨᠬᠦ ᠂ ᠲᠠᠷᠢᠶᠠᠯᠠᠩ᠎ᠤᠨ ᠵᠦᠶ᠋ᠷ ᠰᠡᠴᠡᠨ ᠦᠭᠡ ᠪᠡᠷ《ᠥᠷᠯᠥᠭᠡ ᠠᠷᠠᠰᠤᠨ ᠳᠡᠪᠡᠯ ᠬᠡᠲᠡᠷᠴᠦ᠂ ᠦᠳᠡ᠎ᠳᠦ ᠱᠠ ᠬᠤᠪᠴᠠᠰᠤ ᠡᠮᠦᠰᠦᠨ᠂ ᠵᠤᠤᠬ᠎ᠠ ᠵᠢᠨ ᠬᠠᠵᠠᠭᠤ ᠳ᠋ᠤ ᠰᠠᠭᠤᠵᠤ ᠲᠠᠷᠪᠤᠰ ᠢᠳᠡᠨ᠎ᠡ》ᠭᠡᠵᠦ᠍ ᠵᠦᠶ᠋ᠷᠯᠡᠳᠡᠭ᠃ ᠡᠨᠡ ᠦᠶᠡᠰ ᠨᠠᠮᠤᠷ᠎ᠤᠨ ᠲᠠᠷᠢᠶ᠎ᠠ ᠡᠬᠢᠯᠡᠨ ᠪᠤᠳᠠᠭ᠎ᠠ ᠴᠢᠩᠭᠠᠷᠠᠵᠦ ᠂ ᠱᠢᠮ᠎ᠡ ᠲᠡᠵᠢᠭᠡᠯ ᠬᠤᠷᠠᠮᠳᠤᠭᠤᠯᠵᠤ ᠪᠣᠯᠪᠠᠰᠤᠷᠠᠬᠤ᠎ᠶ᠋ᠢ ᠬᠦᠯᠢᠶᠡᠨ᠎ᠡ᠂ ᠭᠡᠪᠡᠴᠦ᠍ ᠭᠠᠩ ᠬᠠᠭ᠍ᠰᠠᠷᠠᠭᠠᠨ᠎ᠠᠴᠠ ᠪᠣᠯᠵᠣ ᠲᠠᠷᠢᠶ᠎ᠠ ᠳᠠᠷᠢᠬᠤ ᠴᠠᠭ ᠨᠢ ᠣᠷᠣᠢᠲᠠᠵᠤ᠂ ᠲᠠᠷᠢᠶᠠᠨ᠎ᠤ ᠤᠷᠭᠤᠴᠠ ᠨᠢ ᠤᠳᠠᠭᠠᠨ ᠪᠣᠯ ᠲᠠᠷᠢᠶᠠᠯᠠᠩ᠎ᠤᠨ ᠵᠦᠶ᠋ᠷ ᠦᠭᠡ《ᠬᠠᠯᠠᠭᠤᠨ ᠡᠭᠡᠬᠦ᠎ᠳᠤ ᠲᠦᠷᠦᠭᠦᠦ ᠭᠠᠷᠬᠤ ᠥᠬᠡᠶ ᠪᠤᠯ ᠬᠠᠳᠤᠭᠠᠳ ᠦᠬᠡᠷ ᠲᠡᠵᠢᠭᠡᠨ᠎ᠡ》ᠭᠡᠵᠦ ᠶᠠᠷᠢᠳᠠᠭ᠃ ᠬᠠᠷᠢᠨ ᠡᠷᠲᠡ ᠪᠣᠯᠪᠠᠰᠤᠷᠠᠭ᠍ᠰᠠᠨ ᠡᠷᠳᠡᠨᠢ ᠱᠢᠰᠢ᠂ ᠱᠢᠬᠢᠷᠯᠢᠭ ᠠᠮᠲᠠᠲᠠᠢ ᠬᠤᠯᠤ᠂ ᠬᠦᠬᠡ ᠪᠤᠷᠴᠠᠭ ᠨᠢᠭᠡᠨᠲᠡ ᠬᠣᠭᠣᠯᠠᠨ ᠱᠢᠷᠡᠭᠡᠨ᠎ᠳᠦ ᠭᠠᠷᠬᠤ ᠪᠣᠯᠬᠣᠷ ᠠᠷᠠᠳ᠎ᠤᠳ《ᠱᠢᠨ᠎ᠡ ᠠᠮᠤ ᠣᠯᠵᠤ ᠢᠳᠡᠭᠡᠳ ᠨᠢᠭᠡ ᠨᠠᠰᠤ ᠨᠡᠮᠡᠭᠳᠡᠯ᠎ᠡ》 ᠭᠡᠵᠦ᠍ ᠪᠠᠶᠠᠷᠯᠠᠵᠠᠭᠠᠳᠠᠭ᠃

《ᠠᠯᠲᠠᠨ ᠨᠠᠮᠤᠷ᠎ᠰᠠᠭᠠᠳᠠᠵᠤ ᠂ ᠭᠠᠵᠠᠷ ᠪᠤᠯᠭᠠᠨ ᠳ᠋ᠤ ᠲᠠᠩᠰᠤᠭ ᠬᠤᠷᠢᠶᠠᠯᠲᠠ ᠣᠯᠤᠭ᠍ᠰᠠᠨ ᠦᠵᠡᠭ᠌ᠳᠡᠯ᠎ᠢ ᠲᠠᠷᠢᠶᠠᠯᠠᠩ᠎ᠤᠨ ᠵᠦᠢᠷ ᠦᠭᠡ ᠪᠡᠷ〈ᠬᠠᠯᠠᠭᠤᠨ᠎ᠡᠭᠡᠬᠦ᠎ᠳᠤ ᠭᠠᠵᠠᠷ ᠳᠦᠭᠦᠷᠡᠩ ᠰᠢᠵᠢᠷᠲᠤᠨ᠂ ᠭᠡᠷ ᠪᠣᠯᠭᠠᠨ ᠠᠮᠤ ᠪᠤᠳᠠᠭᠠᠨ᠎ᠤ ᠬᠥᠮᠥᠷᠭᠡ ᠪᠠᠨ ᠵᠠᠰᠠᠨ᠎ᠠ〉ᠭᠡᠵᠤ ᠶᠠᠷᠢᠳᠠᠭ》 ᠭᠡᠵᠦ᠍ ᠯᠢ ᠶᠦᠩ ᠠᠨ ᠬᠡᠯᠡᠨ᠎ᠡ᠂ ᠲᠡᠭᠦᠨ᠎ᠤ ᠶᠠᠷᠢᠬᠤ ᠪᠡᠷ ᠂ ᠬᠣᠵᠢᠮᠳᠠᠵᠤ ᠤᠷᠤᠬᠤ ᠨᠠᠮᠤᠷ᠎ᠤᠨ ᠪᠣᠷᠣᠭᠠᠨ ᠲᠠᠷᠢᠶᠠᠨ᠎ᠳᠤ ᠶᠠᠮᠠᠷ ᠴᠦ᠍ ᠲᠤᠰᠠ ᠥᠬᠡᠶ᠂ ᠭᠡᠳᠡᠷᠭᠦ᠎ᠪᠡᠨ ᠬᠠᠳᠤᠵᠤ ᠬᠤᠷᠢᠶᠠᠬᠤ᠂ ᠪᠤᠯᠤᠳᠠᠵᠤ ᠬᠠᠶᠠᠬᠤ ᠵᠡᠷᠭᠡ ᠲᠠᠷᠢᠶᠠᠨ ᠠᠵᠢᠯ᠎ᠢ ᠨᠥᠯᠥᠭᠡᠯᠡᠨ᠎ᠡ᠂ ᠠᠷᠠᠳ᠎ᠤᠨ ᠳᠤᠮᠳᠠ ᠪᠠᠰᠠ《ᠮᠠᠭᠤ ᠨᠠᠮᠤᠷ᠎ᠤᠨ ᠪᠣᠷᠣᠭᠠᠨ ᠲᠠᠢ》ᠭᠡᠳᠡᠭ ᠬᠡᠯᠡᠯᠭᠡ ᠪᠣᠶ ᠭᠡᠨ᠎ᠡ᠃

《ᠲᠠᠷᠢᠶᠠᠯᠠᠩ᠎ᠤᠨ ᠵᠦᠢᠷ ᠰᠡᠴᠡᠨ ᠦᠭᠡ ᠪᠣᠯ ᠳᠤᠮᠳᠠᠳᠤ ᠤᠯᠤᠰ᠎ᠤᠨ ᠡᠷᠲᠡᠨ᠎ᠦ ᠬᠥᠮᠦᠰ᠎ᠦᠨ ᠠᠭᠤᠷ ᠠᠮᠢᠰᠭᠤᠯ᠎ᠤᠨ ᠵᠢᠮ᠎ᠡ ᠶᠣᠰᠣ ᠵᠢ ᠣᠨᠣᠪᠴᠢᠲᠠᠢ ᠡᠵᠡᠮᠰᠢᠨ᠂ ᠵᠦᠪ ᠲᠠᠨᠢᠵᠤ᠂ ᠮᠠᠨ᠎ᠤ ᠤᠯᠤᠰ᠎ᠤᠨ ᠬᠥᠳᠡᠭᠡ ᠠᠵᠤ ᠠᠬᠤᠢ᠎ᠶ᠋ᠢ ᠴᠢᠬᠤᠯᠠᠴᠢᠯᠠᠬᠰᠠᠨ ᠭᠦᠨ ᠵᠤᠵᠠᠭᠠᠨ ᠤᠯᠠᠮᠵᠢᠯᠠᠯ ᠪᠣᠯᠤᠨ ᠳᠤᠮᠳᠠᠳᠤ ᠵᠢᠨ ᠤᠶᠤᠨ ᠤᠬᠠᠭᠠᠨ᠎ᠢ ᠢᠯᠡᠷᠡᠭᠦᠯᠵᠡᠢ》ᠭᠡᠵᠦ᠍ ᠯᠢ ᠶᠦᠩ ᠠᠨ ᠶᠠᠷᠢᠵᠤ ᠪᠠᠢᠯ᠎ᠠ᠃

ᠪᠡᠶ᠎ᠡ᠎ᠰᠤᠪᠢᠯᠠᠯ᠄ ᠡᠷᠲᠡ ᠤᠨᠲᠠᠵᠤ ᠡᠷᠲᠡ ᠪᠣᠰᠤᠨ᠎ᠠ

ᠬᠠᠯᠠᠭᠤᠨ ᠡᠭᠡᠬᠦ ᠴᠠᠭ᠎ᠤᠯᠠᠷᠢᠯ᠎ᠳᠤ ᠡᠳᠦᠷ᠎ᠤᠨ ᠠᠭᠠᠷ᠎ᠤᠨ ᠳᠤᠯᠠᠭᠠᠨ ᠮᠥᠨ ᠯᠡ ᠥᠨᠳᠥᠷ ᠪᠠᠢᠳᠠᠭ ᠪᠣᠯᠪᠠᠴᠤ᠌ ᠥᠷᠯᠥᠭᠡ ᠦᠳᠡᠰᠢ᠎ᠶ᠋ᠢᠨ ᠠᠭᠠᠷ᠎ᠤᠨ ᠳᠤᠯᠠᠭᠠᠨ ᠳᠤᠤᠷ᠎ᠠ ᠪᠦᠭᠡᠳ ᠵᠥᠷᠢᠶ᠎ᠡ ᠨᠢ ᠶᠡᠬᠡ ᠪᠠᠢᠳᠠᠭ᠂ ᠡᠢᠮᠤ ᠪᠠᠢᠳᠠᠯ ᠳᠤᠤᠷ᠎ᠠ ᠬᠥᠮᠦᠰ ᠬᠡᠷᠬᠢᠨ ᠪᠡᠶ᠎ᠡ᠎ᠪᠡᠨ ᠰᠤᠪᠢᠯᠠᠬᠤ ᠪᠣᠶ?

ᠱᠢᠩ ᠶᠠᠨ ᠴᠦᠨ ᠡᠭᠦᠨ᠎ᠦ ᠲᠤᠬᠠᠶ ᠭᠤᠤᠯᠳᠠᠭᠤ ᠲᠠᠭ᠍ᠰᠢᠭᠤᠷ᠎ᠢ ᠰᠡᠷᠭᠡᠢᠯᠡᠬᠦ᠌ ᠨᠢ ᠴᠢᠬᠤᠯᠠ ᠭᠡᠵᠦ ᠰᠠᠨᠠᠭᠤᠯᠵᠤ ᠪᠠᠢᠪᠡ᠃

ᠲᠡᠭᠦᠨ᠎ᠤ ᠬᠡᠯᠡᠬᠦ᠌᠎ᠪᠡᠷ᠂ ᠡᠷᠲᠡᠨ᠎ᠦ ᠬᠥᠮᠦᠰ ᠨᠠᠮᠤᠷ᠎ᠤᠨ ᠠᠭᠤᠷ᠎ᠤᠷᠤᠭᠰᠠᠨ ᠡᠴᠡ ᠨᠠᠮᠤᠷ᠎ᠤᠨ ᠬᠤᠭᠤᠰ ᠪᠣᠯᠲᠠᠯᠠᠬᠢ ᠴᠠᠭ ᠬᠤᠭᠤᠴᠠᠭ᠎ᠠ ᠵᠢ ᠦᠷᠬᠦᠯᠵᠢᠯᠡᠬᠦ ᠵᠤᠨ ᠭᠡᠵᠦ ᠬᠡᠯᠡᠳᠡᠭ᠃ ᠬᠢᠲᠡᠳ ᠡᠮᠨᠡᠯᠭᠡ᠎ᠳᠤ ᠨᠢᠭᠡ ᠵᠢᠯ᠎ᠢ ᠬᠠᠪᠤᠷ᠂ ᠵᠤᠨ᠂ ᠦᠷᠬᠦᠯᠵᠢᠯᠡᠬᠦ ᠵᠤᠨ᠂ ᠨᠠᠮᠤᠷ᠂ ᠡᠪᠦᠯ ᠭᠡᠵᠦ᠍ ᠲᠠᠪᠤᠨ ᠤᠯᠠᠷᠢᠯ ᠬᠤᠪᠢᠶᠠᠳᠠᠭ᠃ ᠦᠷᠬᠦᠯᠵᠢᠯᠡᠬᠦ ᠵᠣᠨ ᠨᠢ ᠵᠣᠨ᠎ᠤ ᠰᠡᠭᠦᠯᠴᠢ ᠨᠠᠮᠤᠷ᠎ᠤᠨ ᠡᠬᠢᠨ᠎ᠳᠤ ᠳᠤᠬᠢᠶᠠᠵᠤ᠂ ᠪᠠᠭ᠎ᠠ ᠬᠠᠯᠠᠭᠤᠨ᠂ ᠶᠡᠬᠡ ᠬᠠᠯᠠᠭᠤᠨ᠂ ᠨᠠᠮᠤᠷ᠎ᠤᠨ ᠠᠭᠤᠷ᠂ ᠬᠠᠯᠠᠭᠤᠨ ᠡᠭᠡᠬᠦ᠌ ᠭᠡᠬᠦ ᠳᠥᠷᠪᠡᠨ ᠤᠯᠠᠷᠢᠯ᠎ᠢ ᠬᠠᠮᠤᠷᠳᠠᠭ᠂ ᠠᠭᠤᠷ ᠠᠮᠢᠰᠭᠤᠯ᠎ᠤᠨ ᠣᠨᠴᠠᠯᠢᠭ ᠨᠢ ᠴᠢᠭᠢᠭ᠌ ᠬᠠᠯᠠᠭᠤᠨ ᠪᠠᠳᠠᠷᠠᠵᠤ ᠂ ᠴᠢᠭᠢᠭ᠌ᠯᠢᠭ ᠬᠠᠯᠠᠭᠤᠨ ᠴᠠᠭ ᠠᠭᠤᠷ ᠤᠯᠠᠨ ᠳᠤᠬᠢᠶᠠᠯᠳᠤᠳᠠᠭ᠃ ᠬᠠᠯᠠᠭᠤᠨ ᠡᠭᠡᠬᠦ ᠴᠠᠭ ᠤᠯᠠᠷᠢᠯ᠎ᠤᠨ ᠳᠠᠷᠠᠭ᠎ᠠ ᠂ ᠬᠥᠮᠦᠨ᠎ᠦ ᠪᠡᠶ᠎ᠡ ᠵᠢᠨ ᠬᠥᠯᠥᠰᠥ᠍ ᠭᠠᠷᠬᠤ ᠨᠢ ᠮᠡᠳᠡᠭ᠌ᠳᠡᠮ᠎ᠡ ᠪᠠᠭᠠᠰᠴᠤ᠌᠂ ᠤᠰᠤ ᠳᠠᠪᠤᠰᠤᠨ᠎ᠤ ᠰᠣᠯᠢᠯᠴᠠᠭᠠᠨ᠎ᠤ ᠠᠵᠢᠯᠯᠠᠭ᠎ᠠ ᠠᠭᠠᠵᠢᠮ᠎ᠢᠶᠠᠷ ᠲᠡᠩᠴᠡᠭᠦᠷᠢ᠎ᠪᠡᠨ ᠰᠡᠷᠭᠦᠭᠡᠵᠦ᠍᠂ ᠹᠢᠽᠢᠣᠯᠣᠭᠢ᠎ᠶ᠋ᠢᠨ ᠠᠮᠠᠷᠠᠵᠤ ᠴᠡᠭ᠌ᠴᠡᠯᠡᠬᠦ᠌ ᠱᠠᠲᠤᠨ᠎ᠳᠤ ᠣᠷᠣᠭᠠᠳ᠂ ᠪᠡᠶ᠎ᠡ ᠮᠠᠬᠠᠪᠣᠳ ᠶᠠᠳᠠᠷᠠᠵᠤ ᠵᠦᠳᠡᠷᠡᠬᠦ᠌ ᠪᠠᠢᠳᠠᠯ ᠭᠠᠷᠴᠤ᠌᠂ ᠨᠠᠮᠤᠷ ᠲᠠᠮᠢᠷᠳᠠᠬᠤ ᠪᠣᠯᠤᠨ᠎ᠠ᠃ ᠨᠠᠮᠤᠷ᠎ᠤᠨ ᠴᠢᠯᠡᠭᠡ᠎ᠶ᠋ᠢ ᠲᠠᠢᠯᠬᠤ᠎ᠳᠤ ᠰᠠᠢᠨ ᠤᠨᠲᠠᠵᠤ ᠂ ᠡᠷᠲᠡ ᠤᠨᠲᠠᠵᠤ ᠡᠷᠲᠡ ᠪᠣᠰᠪᠠᠯ ᠵᠤᠬᠢᠨ᠎ᠠ; ᠲᠤᠰᠤ ᠮᠢᠬ᠎ᠠ ᠪᠠᠭ᠎ᠠ ᠢᠳᠡᠵᠦ᠂ ᠲᠥᠪᠡᠳ ᠬᠠᠰᠢ᠂ ᠬᠠᠰᠢ᠂ ᠲᠥᠮᠥᠰᠥ᠍ ᠂ ᠦᠵᠦᠮ ᠪᠠ ᠠᠯᠢᠮ᠎ᠠ ᠵᠡᠷᠭᠡ ᠢᠳᠡᠭᠡᠨ᠎ᠢ ᠠᠷᠪᠢᠨ ᠢᠳᠡᠪᠡᠯ ᠵᠣᠬᠢᠨ᠎ᠠ᠃

《ᠬᠠᠯᠠᠭᠤᠨ ᠡᠭᠡᠬᠦ ᠴᠠᠭ ᠤᠯᠠᠷᠢᠯ᠎ᠤᠨ ᠳᠠᠷᠠᠭ᠎ᠠ ᠨᠠᠮᠤᠷ᠎ᠤᠨ ᠦᠩᠭᠡ ᠤᠷᠤᠵᠤ ᠂ ᠬᠡᠭᠡᠷ᠎ᠡ ᠲᠠᠯ᠎ᠠ᠎ᠪᠠᠷ ᠵᠢᠭᠤᠯᠴᠢᠯᠠᠵᠤ ᠂ ᠨᠠᠮᠤᠷ᠎ᠢ ᠤᠭ᠍ᠲᠤᠨ ᠦᠵᠡᠮᠵᠢ ᠰᠣᠨᠢᠷᠬᠠᠵᠤ ᠂ ᠥᠨᠳᠥᠷ᠎ᠲᠦ ᠵᠣᠭ᠍ᠰᠣᠨ ᠠᠯᠤᠰ᠎ᠢ ᠪᠠᠷᠠᠯᠠᠬᠤ ᠰᠠᠢᠬᠠᠨ ᠴᠠᠭ ᠪᠣᠯᠤᠨ᠎ᠠ》ᠭᠡᠵᠦ᠍ ᠱᠢᠩ ᠶᠠᠨ ᠴᠦᠨ ᠬᠡᠯᠡᠵᠤ ᠪᠠᠢᠯ᠎ᠠ᠃ ᠨᠠᠮᠤᠷ ᠪᠡᠶ᠎ᠡ ᠪᠤᠯᠪᠠᠰᠤᠷᠠᠬᠤ᠎ᠳᠠᠭᠠᠨ ᠲᠦᠷᠭᠡᠨ ᠠᠯᠬᠤᠬᠤ᠂ ᠠᠭᠤᠯᠠ ᠠᠪᠠᠷᠢᠬᠤ᠂ ᠪᠥᠮᠪᠥᠭᠡ ᠨᠠᠭᠠᠳᠭᠤ ᠵᠡᠷᠭᠡ ᠲᠠᠮᠢᠷ᠎ᠤᠨ ᠬᠦᠳᠡᠯᠭᠡᠭᠡᠨ᠎ᠢ ᠰᠣᠩᠭᠣᠵᠤ ᠪᠣᠯᠤᠨ᠎ᠠ ᠂ ᠨᠠᠰᠤᠲᠠᠢᠴᠤᠳ᠎ᠲᠤ ᠠᠪᠴᠤ᠌ ᠬᠡᠯᠡᠪᠡᠯ ᠂ ᠲᠠᠮᠢᠷ᠎ᠤᠨ ᠬᠥᠳᠡᠯᠭᠡᠭᠡᠨ᠎ᠬᠢᠬᠦ᠎ᠳᠡᠭᠡᠨ ᠬᠡᠳᠤ ᠶᠠᠳᠠᠷᠠᠵᠤ ᠪᠤᠯᠬᠤ ᠦᠭᠡᠢ᠃ ᠬᠥᠳᠡᠯᠭᠡᠭᠡᠨ ᠬᠢᠬᠦ᠌ ᠴᠠᠭ᠎ᠢ ᠬᠠᠮᠤᠭ᠎ᠤᠨ ᠰᠠᠢᠨ ᠨᠢ ᠡᠷᠲᠡ ᠣᠷᠣᠶ᠎ᠶ᠋ᠢ ᠰᠣᠩᠭᠣᠬᠤ ᠬᠡᠷᠡᠭ᠌ᠲᠡᠶ᠂ ᠦᠳᠡ᠎ᠳᠦ ᠬᠠᠯᠠᠭᠤᠨ ᠪᠣᠯᠬᠣᠷ ᠬᠡᠷ᠎ᠦᠨ ᠭᠠᠳᠠᠨ᠎ᠠ ᠬᠥᠳᠡᠯᠭᠡᠭᠡᠨ ᠬᠢᠬᠦ᠌᠎ᠡᠴᠡ ᠵᠠᠢᠯᠠᠰᠭᠢᠪᠡᠯ ᠵᠤᠬᠢᠨ᠎ᠠ᠃

ᠰᠡᠯᠡᠭᠦᠴᠡᠯ ᠵᠢᠭᠤᠯᠴᠢᠯᠠᠯ᠄ ᠰᠡᠷᠢᠭᠦᠨ ᠲᠠᠭᠠᠯᠠᠮᠵᠢᠳᠠᠢ

ᠴᠠᠭ ᠲᠦ᠍ ᠡᠬᠡ ᠪᠠᠢᠭᠠᠯᠢ᠎ᠲᠠᠢ ᠤᠢᠷᠠᠳᠤᠶ᠎ᠠ

《ᠬᠠᠯᠠᠭᠤᠨ ᠡᠭᠡᠬᠦ ᠴᠠᠭ ᠤᠯᠠᠷᠢᠯ᠎ᠤᠨ ᠦᠶᠡᠰ ᠥᠪᠥᠷ ᠮᠣᠩᠭᠣᠯ᠎ᠳᠤ ᠬᠦᠢᠳᠡᠨ ᠴᠦ᠍ ᠦᠭᠡᠢ ᠬᠠᠯᠠᠭᠤᠨ ᠴᠤ᠌ ᠦᠭᠡᠢ ᠰᠠᠷᠢᠭᠦᠨ ᠲᠠᠭᠠᠲᠠᠢ ᠴᠠᠭ ᠪᠤᠯᠵᠤ ᠂ ᠲᠩᠷᠢ ᠴᠡᠯᠮᠡᠢᠨ ᠂ ᠡᠪᠡᠰᠦᠨ᠎ᠤ ᠦᠨᠦᠷ ᠰᠡᠩᠬᠢᠨᠡᠵᠤ ᠂ ᠴᠡᠩᠬᠡᠷ ᠤᠰᠤᠨ ᠲᠤᠯᠬᠢᠶᠠᠯᠠᠨ᠂ ᠲᠠᠯ᠎ᠠ ᠨᠤᠲᠤᠭ᠂ ᠨᠠᠭᠤᠷ᠎ᠤᠨ ᠬᠦᠪᠡᠭᠡ ᠂ ᠤᠢ ᠱᠢᠭᠤᠢ ᠥᠪᠡᠷᠮᠢᠴᠡ ᠡᠳᠡᠭᠡᠳ ᠦᠵᠡᠮᠵᠢ ᠲᠠᠢ ᠪᠤᠯᠳᠠᠭ᠃ ᠬᠡᠷᠪᠡ ᠴᠠᠭ᠎ᠲᠠᠶ ᠪᠣᠯ ᠭᠡᠷ᠎ᠦᠨ ᠬᠥᠮᠦᠰ᠎ᠢᠶᠡᠨ ᠳᠠᠭᠠᠭᠤᠯᠤᠨ ᠥᠪᠥᠷ ᠮᠣᠩᠭᠣᠯ᠎ᠢᠶᠠᠷ ᠵᠢᠭᠤᠯᠴᠢᠯᠠᠵᠤ ᠢᠷᠡᠬᠡᠷᠡᠢ ᠭᠡᠵᠦ ᠤᠯᠠᠨ᠎ᠳᠤ ᠰᠠᠨᠠᠭᠤᠯᠵᠤ ᠪᠠᠢᠨ᠎ᠠ》ᠭᠡᠵᠦ ᠬᠥᠬᠡᠬᠣᠲᠠ᠎ᠶ᠋ᠢᠨ ᠵᠢᠭᠤᠯᠴᠢᠯᠠᠯ᠎ᠤᠨ ᠰᠠᠢᠨ ᠵᠠᠮᠴᠢᠯᠠᠬᠴᠢ ᠯᠢ ᠴᠦ ᠴᠦ ᠶᠠᠷᠢᠵᠤ ᠪᠠᠢᠯ᠎ᠠ᠃ ᠲᠡᠷᠡ ᠵᠢᠭᠤᠯᠴᠢᠯᠠᠯ᠎ᠤᠨ ᠵᠠᠮᠴᠢᠯᠠᠬᠴᠢ᠎ᠶ᠋ᠢᠨ ᠠᠵᠢᠯ᠎ᠢ 10 ᠭᠠᠷᠤᠶ ᠵᠢᠯ ᠬᠢᠵᠦ᠍ ᠂ ᠳᠦᠷᠪᠡᠨ ᠵᠦᠭ ᠨᠠᠢ᠍ᠮᠠᠨ ᠵᠤᠪᠬᠢᠰ᠎ᠤᠨ ᠵᠢᠭᠤᠯᠴᠢᠯᠠᠭᠰᠠᠳ᠎ᠢ ᠳᠠᠭᠠᠭᠤᠯᠤᠨ ᠂ ᠥᠪᠥᠷ ᠮᠣᠩᠭᠣᠯ᠎ᠤᠨ ᠠᠭᠤᠯᠠ ᠤᠰᠤ᠎ᠪᠠᠷ ᠶᠠᠪᠤᠵᠤ ᠂ ᠬᠠᠯᠠᠭᠤᠨ ᠡᠭᠡᠬᠦ ᠦᠶᠡᠰ᠎ᠤᠨ ᠥᠪᠥᠷ ᠮᠣᠩᠭᠣᠯ᠎ᠳᠤ ᠣᠨᠴᠠᠭᠠᠶ ᠬᠠᠢᠷ᠎ᠠ ᠰᠡᠳᠭᠢᠯᠭᠡ᠎ᠲᠡᠶ ᠪᠣᠯᠵᠠᠶ᠃

ᠲᠡᠭᠦᠨ᠎ᠦ ᠪᠤᠳᠤᠯ᠎ᠳᠤ ᠬᠠᠯᠠᠭᠤᠨ ᠡᠭᠡᠬᠦ ᠦᠶᠡᠰ ᠥᠪᠥᠷ ᠮᠣᠩᠭᠣᠯ᠎ᠤᠨ ᠠᠭᠤᠯᠠ ᠤᠰᠤ ᠬᠢᠵᠠᠭᠠᠯᠠᠰᠢ ᠦᠬᠡᠢ ᠭᠤᠶᠤ ᠦᠵᠡᠮᠦᠷᠢ ᠲᠠᠢ ᠪᠤᠯᠵᠤ ᠂ ᠲᠤᠰᠤᠨ ᠵᠢᠷᠤᠭ ᠬᠡᠮᠠᠷ ᠴᠠᠭ ᠮᠦᠴᠡ ᠵᠤᠭᠰᠤᠩᠭᠤᠢᠷᠠᠭᠰᠠᠨ ᠰᠢᠬ ᠰᠠᠨᠠᠭᠳᠠᠨ᠂ ᠬᠥᠮᠦᠨ᠎ᠦ ᠠᠮᠢᠳᠤᠷᠠᠯ᠎ᠢ ᠱᠢᠯᠦᠭ᠌ᠯᠢᠭ ᠪᠤᠯᠭᠠᠳᠠᠭ᠃

ᠲᠡᠷᠡ᠂ 8 ᠰᠠᠷ᠎ᠠ᠎ᠶ᠋ᠢᠨ ᠲᠠᠯ᠎ᠠ ᠨᠤᠲᠤᠭ ᠮᠥᠨ ᠯᠡ ᠦᠵᠡᠰᠭᠦᠯᠡᠩᠲᠦ ᠰᠠᠢᠬᠠᠨ ᠬᠡᠪ᠎ᠢᠶᠡᠷ᠎ᠢᠶᠡᠨ᠃ ᠡᠨᠡ ᠦᠶ᠎ᠡ᠎ᠳᠦ ᠥᠪᠥᠷ ᠮᠣᠩᠭᠣᠯ᠎ᠤᠨ ᠲᠠᠯ᠎ᠠ ᠨᠤᠲᠤᠭ ᠪᠠᠰᠠ ᠨᠣᠮᠢᠨ ᠨᠣᠭᠣᠭᠠᠨ᠎ᠢᠶᠠᠷ ᠭᠣᠣᠯᠳᠠᠵᠤ ᠂ ᠬᠠᠲᠤᠯᠠᠩ᠎ᠤᠨ ᠭᠠᠵᠠᠷ ᠰᠢᠵᠢᠷᠲᠦᠨ᠂ ᠪᠦᠬᠦᠢᠯᠡ ᠨᠣᠮᠢᠨ ᠨᠣᠭᠣᠭᠠᠨ ᠲᠠᠯ᠎ᠠ ᠨᠤᠲᠤᠭ᠎ᠲᠤ ᠡᠳᠡᠭᠡᠳ ᠦᠵᠡᠮᠵᠢ ᠨᠡᠮᠡᠷᠢᠯᠡᠨ᠎ᠡ᠃ ᠠᠯᠤᠰ᠎ᠢ ᠪᠠᠷᠠᠯᠠᠬᠤᠶ᠎ᠠ ᠂ ᠬᠦᠬᠡ ᠣᠭ᠍ᠲᠠᠷᠭᠤᠢ ᠬᠥᠪᠥᠩ ᠴᠠᠭᠠᠨ ᠡᠭᠦᠯᠡᠰ ᠦᠷᠬᠦᠯᠵᠢᠯᠡᠨ ᠵᠠᠯᠭᠠᠯᠳᠤᠵᠤ᠂ ᠨᠠᠭᠤᠷ ᠭᠣᠣᠯ᠎ᠤᠨ ᠤᠰᠤᠨ᠎ᠳᠤ ᠠᠳᠤᠭᠤᠨ ᠰᠦᠷᠦᠭ ᠴᠤᠭᠯᠠᠷᠠᠨ᠂ ᠬᠠᠷᠠᠬᠰᠠᠨ ᠵᠦᠭ ᠪᠤᠯᠭᠠᠨ ᠳ᠋ᠤ ᠭᠤᠸ᠎ᠠ ᠰᠠᠢᠬᠠᠨ ᠦᠵᠡᠮᠵᠢ ᠬᠠᠷᠠᠭ᠎ᠠ ᠲᠦᠬᠦᠷᠡᠩ ᠦᠷᠬᠦᠯᠵᠢᠯᠡᠨ᠎ᠡ ᠬᠡᠪᠡ᠃

ᠡᠨᠡ ᠦᠶᠡᠰ ᠬᠠᠷᠠᠠᠤᠰᠤ ᠨᠠᠭᠤᠷ᠂ ᠳᠠᠯᠠᠢᠨᠠᠭᠤᠷ᠎ᠤᠨ ᠤᠰᠤ ᠨᠢ ᠬᠦᠢᠲᠡᠨ ᠪᠤᠯᠤᠭᠰᠠᠨ ᠪᠤᠯᠪᠠᠴᠤ ᠪᠠᠰᠠ ᠣᠨᠳᠣᠣ ᠦᠵᠡᠮᠵᠢ᠎ᠲᠠᠶ ᠪᠠᠢᠳᠠᠭ᠃ ᠨᠠᠷᠠ ᠦᠷᠦᠨ᠎ᠡ ᠵᠦᠭ ᠲᠦ᠍ ᠢᠳᠡᠭ ᠢᠳᠡᠭ᠎ᠢᠶᠡᠷ ᠤᠢᠷᠠᠳᠬᠤ ᠦᠶ᠎ᠡ ᠪᠡᠷ ᠡᠬᠡ ᠭᠠᠵᠠᠷ᠎ᠢ ᠰᠢᠵᠢᠷᠲᠦᠬᠦᠯᠦᠨ ᠭᠡᠷᠡᠯᠲᠦᠭᠦᠯᠦᠨ᠎ᠡ᠂ ᠡᠨᠡ ᠦᠶᠡᠰ ᠮᠥᠨ ᠴᠦ᠍ ᠨᠠᠷᠠᠠ ᠵᠢᠷᠭᠠᠬᠤ ᠡᠴᠡ ᠡᠮᠦᠨᠡᠬᠢ ᠬᠠᠮᠤᠭ᠎ᠤᠨ ᠭᠤᠶᠤ ᠴᠠᠭ ᠮᠥᠴᠡ ᠪᠣᠯᠤᠨ᠎ᠠ᠂ ᠨᠡᠷᠡᠨ᠎ᠦ ᠬᠡᠷᠡᠯ ᠲᠤᠰᠬᠤ ᠪᠡᠷ ᠭᠦᠨ ᠴᠡᠩᠬᠡᠷ ᠨᠠᠭᠤᠷ ᠳᠣᠯᠭᠢᠶᠠᠯᠠᠨ ᠭᠢᠯᠲᠠᠭᠠᠨᠠᠭᠠᠳ ᠂ ᠣᠭ᠍ᠲᠠᠷᠭᠤᠶ᠎ᠵᠢᠨ ᠦᠩᠭᠡ ᠲᠠᠶ ᠢᠯᠡ ᠲᠣᠳᠣ ᠬᠠᠷᠢᠴᠠᠭᠤᠯᠤᠯ ᠪᠣᠯᠤᠨ᠎ᠠ᠃

ᠬᠠᠯᠠᠭᠤᠨ ᠡᠭᠡᠬᠦ ᠦᠶᠡᠰ ᠣᠢ ᠱᠢᠭᠤᠶ ᠴᠦ᠍ ᠮᠦᠴᠡᠭᠡ ᠪᠠᠨ ᠦᠭᠬᠦ ᠦᠭᠡᠢ ᠭᠤᠶᠤ ᠪᠤᠯᠳᠠᠭ᠃ ᠷᠠᠱᠢᠶᠠᠨ᠎ᠤ ᠤᠯᠤᠰ᠎ᠤᠨ ᠣᠶ ᠱᠢᠭᠤᠶ᠎ᠶ᠋ᠢᠨ ᠴᠡᠴᠡᠷᠯᠢᠭ᠂ ᠮᠤᠷᠢᠳᠠᠭ᠎ᠠ ᠤᠯᠤᠰ᠎ᠤᠨ ᠣᠶ ᠱᠢᠭᠤᠶ᠎ᠶ᠋ᠢᠨ ᠴᠡᠴᠡᠷᠯᠢᠭ᠂ ᠰᠤᠮᠤᠨ ᠠᠭᠤᠯᠠ᠎ᠶ᠋ᠢᠨ ᠦᠵᠡᠮᠵᠢ᠎ᠶ᠋ᠢᠨ ᠣᠷᠣᠨ ᠵᠡᠷᠭᠡ᠎ᠤᠢᠲᠤ ᠤᠷᠤᠨ ᠨᠠᠩ ᠡᠳᠡᠭᠡᠳ ᠭᠤᠶᠤ ᠪᠤᠯᠳᠠᠭ᠃ ᠡᠨᠡ ᠦᠶᠡᠰ ᠣᠶ ᠱᠢᠭᠤᠶ᠎ᠶ᠋ᠢᠨ ᠥᠩᠭᠡ ᠬᠠᠮᠤᠭ᠎ᠤᠨ ᠡᠯᠪᠡᠭ ᠪᠣᠯᠤᠨ᠎ᠠ᠂ ᠮᠣᠳᠣᠨ᠎ᠤ ᠣᠯᠠᠩᠬᠢ ᠨᠢ ᠪᠠᠰᠠ ᠨᠣᠭᠣᠭᠠᠨ᠎ᠢᠶᠠᠷ᠎ᠢᠶᠠᠨ ᠪᠠᠢᠬᠤ᠎ᠳᠤ ᠪᠤᠭᠤᠳᠠᠶ᠎ᠶ᠋ᠢᠨ ᠲᠦᠷᠦᠭᠦᠦ ᠱᠢᠭ ᠱᠢᠷ᠎ᠠ ᠦᠩᠭᠡ ᠂ ᠲᠡᠮᠦᠷ᠎ᠤᠨ ᠵᠢᠪᠡ ᠮᠡᠲᠦ ᠬᠦᠷᠡᠩ ᠦᠩᠭᠡ ᠡᠨᠳᠡ ᠲᠠᠨᠳᠡ ᠬᠠᠷᠠᠭ᠍ᠳᠠᠳᠠᠭ᠃ ᠪᠠᠰᠠ ᠬᠡᠰᠡᠭ ᠬᠤᠭᠤᠴᠠᠭ᠎ᠠ ᠥᠩᠭᠡᠷᠡᠪᠡᠯ ᠂ ᠭᠠᠯ ᠮᠡᠲᠦ ᠤᠯᠠᠭᠠᠨ ᠦᠩᠭᠡ ᠢᠯᠡᠷᠡᠨ᠎ᠡ ᠂ ᠭᠦᠨ᠂ ᠭᠦᠢᠬᠡᠨ᠂ ᠭᠡᠭᠡᠨ᠂ ᠪᠦᠲᠡᠬᠢ ᠁ ᠪᠤᠳᠤᠭ ᠲᠣᠬᠢᠷᠠᠭᠤᠯᠬᠤ ᠲᠠᠪᠠᠭ᠎ᠢ ᠤᠨᠠᠭᠠᠭᠰᠠᠨ ᠰᠢᠬ ᠡᠯᠳᠡᠪ ᠦᠭᠡ ᠢᠯᠡᠷᠡᠵᠤ ᠬᠠᠷᠠᠭ᠎ᠠ ᠪᠠᠶᠠᠰᠬᠠᠨ᠎ᠠ᠃

《ᠨᠠᠮᠤᠷ ᠴᠠᠭ ᠲᠤ᠌ ᠥᠪᠥᠷ ᠮᠣᠩᠭᠣᠯ᠎ᠳᠤ ᠢᠷᠡᠵᠤ ᠠᠭᠤᠯᠠ ᠤᠰᠤ ᠰᠣᠨᠢᠷᠬᠠᠨ᠂ ᠰᠡᠳᠭᠢᠯ ᠰᠠᠨᠠᠭ᠎ᠠ᠎ᠪᠠᠨ ᠪᠠᠶᠠᠰᠭᠠᠭᠠᠷᠠᠢ》ᠭᠡᠵᠦ ᠯᠢ ᠴᠦ ᠴᠦ ᠤᠷᠢᠵᠤ ᠬᠡᠯᠡᠪᠡ᠃

QQ截图20220831094443.png

QQ截图20220831094322.png

QQ截图20220831094349.png

( ᠵᠢᠷᠤᠭ᠄ ᠲᠤᠰ ᠰᠣᠨᠢᠨ᠎ᠤ ᠰᠤᠷᠪᠤᠯᠵᠢᠯᠠᠭ᠍ᠴᠢ ᠪᠢᠯᠢᠭ᠌ᠲᠦ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面