24ᠴᠠᠭ ᠤᠯᠠᠷᠢᠯ > ᠬᠠᠯᠠᠭᠤᠨ ᠡᠭᠡᠬᠦ

2023-08-23 13:53:09

ᠵᠣᠬᠢᠶᠠᠭ᠍ᠴᠢ᠄ ᠬᠡᠱᠢᠭ᠌ᠳᠡᠯᠠᠢ᠎ᠶ᠋ᠢᠨ ᠴᠤᠯᠮᠤᠨ ᠣᠩᠱᠢᠭ᠍ᠰᠠᠨ ᠣᠳᠠᠭ᠎ᠠ᠄ 3

— ᠬᠤᠷᠢᠨ ᠲᠥᠷᠪᠡᠨ ᠴᠠᠬ ᠤᠯᠠᠷᠢᠯ ᠎ᠳᠤ ᠵᠤᠷᠢᠭᠤᠯᠤᠬᠰᠠᠨ ᠤᠷᠠᠨ ᠪᠥᠲᠥᠬᠡᠯ

ᠨᠠᠮᠤᠷ᠎ᠤᠨ ᠠᠭᠤᠷ᠂ ᠬᠠᠯᠠᠭᠤᠨ ᠡᠭᠡᠬᠦ᠂ ᠴᠠᠭᠠᠨ ᠰᠢᠭᠦᠳᠡᠷᠢ᠂ ᠨᠠᠮᠤᠷ᠎ᠤᠨ ᠬᠤᠭᠤᠰ᠂ ᠬᠦᠢᠲᠡᠨ ᠰᠢᠭᠦᠳᠡᠷᠢ᠂ ᠬᠢᠷᠠᠭᠤ ᠤᠨᠠᠬᠤ ᠵᠡᠷᠭᠡ ᠪᠣᠯ ᠨᠠᠮᠤᠷ᠎ᠤᠨ ᠤᠯᠠᠷᠢᠯ᠎ᠳᠤ ᠣᠨᠣᠭᠳᠠᠭᠰᠠᠨ ᠴᠠᠭ ᠤᠯᠠᠷᠢᠯ᠃ ᠡᠳᠡᠭᠡᠷ ᠨᠡᠷ᠎ᠡ᠎ᠶᠢ ᠨᠢᠭᠡ ᠨᠢᠭᠡ᠎ᠪᠠᠷ ᠳᠠᠭᠤᠳᠠᠬᠤᠢ᠎ᠳᠤ ᠰᠡᠷᠢᠭᠦᠨ᠎ᠤ ᠠᠮᠢᠰᠬᠤᠭ᠎ᠠ ᠰᠡᠩᠭᠢᠨᠡᠨ ᠮᠡᠳᠡᠭᠳᠡᠬᠦ ᠪᠥᠭᠡᠳ ᠤᠯᠠᠮ ᠴᠢᠨᠠᠭᠰᠢᠳᠠ ᠬᠦᠢᠲᠡᠨ᠎ᠤ ᠬᠣᠷᠮᠣᠢ ᠤᠷᠤᠭᠤ ᠰᠢᠷᠭᠤᠬᠤ ᠮᠡᠲᠦ ᠰᠠᠨᠠᠭᠳᠠᠬᠤ ᠪᠤᠯᠠᠢ᠃ ᠦᠶ᠎ᠡ᠎ᠶᠢᠨ ᠦᠶ᠎ᠡ᠎ᠪᠠᠷ᠎ᠢᠶᠠᠨ ᠥᠷᠭᠡᠨ ᠪᠠᠢᠭᠠᠯᠢ᠎ᠳᠠᠭᠠᠨ ᠨᠡᠭᠦᠨ ᠪᠠᠭᠤᠵᠤ ᠠᠮᠢᠳᠤᠷᠠᠯ᠎ᠢᠶᠠᠨ ᠲᠡᠳᠬᠦᠭᠰᠡᠨ ᠠᠷᠠᠳ᠎ᠤᠨ ᠤᠶᠤᠨ ᠪᠢᠯᠢᠭ᠎ᠢᠶᠠᠷ ᠨᠡᠷᠡᠯᠡᠭᠳᠡᠭᠰᠡᠨ ᠡᠳᠡᠭᠡᠷ ᠴᠠᠭ ᠤᠯᠠᠷᠢᠯ᠎ᠠᠴᠠ ᠶᠢᠷᠲᠢᠨᠴᠦ᠎ᠶᠢᠨ ᠥᠩᠭᠡ ᠠᠶᠠᠰ ᠡᠷᠬᠡ ᠦᠭᠡᠢᠶ᠎ᠡ ᠮᠡᠳᠡᠭᠳᠡᠵᠦ᠂ ᠤᠯᠠᠷᠢᠯ᠎ᠤᠨ ᠦᠩᠭᠡ ᠵᠢ ᠲᠠᠭᠠᠭᠰᠠᠨ ᠢᠷᠡᠭᠡᠳᠦᠢ ᠬᠣᠵᠢᠮ᠎ᠤᠨ ᠵᠠᠮ ᠠᠶᠠᠨᠳᠠᠭᠠᠨ ᠲᠣᠳᠣᠷᠠᠬᠤ ᠠᠵᠤᠭᠤ᠃

ᠬᠠᠯᠠᠭᠤᠨ ᠵᠢᠡᠷ ᠵᠢᠡᠨ ᠪᠠᠢᠭᠰᠠᠨ ᠵᠤᠨ ᠬᠠᠯᠠᠭᠤᠨ ᠡᠭᠡᠬᠦ᠎ᠳᠤ ᠯᠡ ᠡᠳᠦᠷ ᠰᠥᠨᠢ ᠵᠢᠨ ᠬᠠᠯᠠᠭᠤᠨ᠎ᠤ ᠵᠥᠷᠢᠶ᠎ᠡ ᠶᠡᠬᠡᠰᠴᠦ᠂ ᠡᠪᠡᠰᠦ ᠮᠣᠳᠣ᠌ ᠰᠢᠷᠭᠠᠯᠲᠤᠨ᠂ ᠤᠷᠭᠤᠭ᠎ᠠ ᠲᠠᠷᠢᠶ᠎ᠠ ᠪᠣᠯᠪᠠᠰᠤᠷᠠᠵᠤ᠂ ᠦᠵᠦᠮ ᠵᠢᠮᠢᠰ ᠮᠤᠨᠴᠤᠬ᠍ᠨᠠᠭᠠᠳ᠂ ᠦᠬᠡᠷ ᠬᠣᠨᠢᠳ ᠲᠤᠰᠤᠨ ᠲᠠᠷᠭᠤ ᠠᠪᠴᠤ ᠡᠬᠢᠯᠡᠨ᠎ᠡ᠃ ᠲᠠᠩᠰᠤᠬ ᠨᠠᠮᠤᠷ ᠳᠠᠩᠳᠠ ᠡᠯᠪᠡᠭ ᠬᠤᠷᠢᠶᠠᠯᠲᠠ ᠵᠢᠨ ᠪᠠᠶᠠᠰᠤᠯ ᠬᠥᠪᠥᠷᠡᠭᠦᠯᠵᠦ ᠪᠠᠢᠪᠠᠴᠤ᠂ ᠬᠣᠩᠭᠤᠷᠬᠠᠨ ᠰᠡᠷᠢᠭᠦᠨ ᠰᠠᠯᠬᠢ ᠨᠢ ᠬᠠᠷᠢᠨ ᠨᠤᠲᠤᠭ ᠰᠠᠨᠠᠭᠳᠠᠭᠤᠯᠵᠤ᠂ ᠰᠡᠳᠬᠢᠯ ᠭᠡᠭᠡᠯᠵᠡᠭᠦᠯᠦᠨ 《ᠰᠡᠷᠢᠭᠦᠨ》 ᠤ᠋ ᠲᠤᠬᠠᠢ ᠠᠶ᠎ᠠ ᠳᠠᠭᠤᠤ ᠲᠥᠷᠥᠭᠳᠡᠭᠦᠯᠦᠨ ᠤᠢᠳᠠᠭᠤᠯᠬᠤ ᠮᠥᠨᠴᠦ ᠬᠡᠴᠡᠭᠦᠦ᠃ ᠵᠢᠯ᠎ᠤᠨ ᠲᠦᠷᠪᠡᠨ ᠤᠯᠠᠷᠢᠯ ᠡᠴᠡ ᠨᠠᠮᠤᠷ᠎ᠤᠨ ᠤᠯᠠᠷᠢᠯ ᠨᠢ ᠤᠷᠠᠯᠢᠭ᠋᠎ᠤᠨ ᠪᠦᠲᠦᠭᠡᠯ ᠪᠠᠢᠵᠤ᠂ ᠪᠤᠰᠤᠳ ᠨᠢ ᠰᠠᠶᠢ ᠤᠯᠠᠷᠢᠯ᠎ᠳᠤ ᠲᠣᠭᠠᠴᠠᠭᠳᠠᠨ᠎ᠠ ᠭᠡᠵᠦ ᠬᠡᠯᠡᠳᠡᠭ ᠨᠢ ᠨᠠᠮᠤᠷ᠎ᠤᠨ ᠥᠩᠭᠡ᠂ ᠨᠠᠮᠤᠷ᠎ᠤᠨ ᠰᠡᠷᠢᠭᠦᠦ ᠂ ᠨᠠᠮᠤᠷ᠎ᠤᠨ ᠪᠠᠶᠠᠰᠤᠯ᠂ ᠨᠠᠮᠤᠷ᠎ᠤᠨ ᠤᠢ ᠡᠴᠡ ᠪᠣᠯᠤᠭᠰᠠᠨ ᠪᠠᠢᠬ᠎ᠠ᠃ ᠤᠯᠠᠷᠢᠯ᠎ᠤᠨ ᠥᠩᠭᠡ ᠭᠡᠳᠡᠭ ᠡᠨᠡ ᠃

ᠦᠷ ᠥᠷᠯᠥᠭᠡ ᠠᠮᠢᠰᠬᠤᠭ᠎ᠠ ᠠᠪᠬᠤᠢ᠎ᠳᠤ ᠰᠡᠷᠢᠭᠦᠨ᠎ᠤ ᠰᠢᠨᠵᠢ ᠮᠡᠳᠡᠭᠳᠡᠬᠦ ᠯᠦ᠍ᠭᠡ ᠠᠳᠠᠯᠢᠬᠠᠨ ᠦᠳᠡᠰᠢ ᠣᠷᠣᠢ᠎ᠶᠢᠨ ᠰᠡᠭᠦᠳᠡᠷ ᠤᠨᠠᠬᠤ᠎ᠶᠢᠨ ᠦᠶ᠎ᠡ᠎ᠪᠠᠷ ᠮᠥᠨ ᠬᠦ᠌ ᠰᠡᠷᠢᠭᠦᠨ᠎ᠤ ᠲᠡᠮᠳᠡᠭ ᠮᠡᠳᠡᠭᠳᠡᠮᠦᠢ᠃ ᠦᠳᠡ ᠳᠤᠮᠳᠠ᠎ᠶᠢᠨ ᠴᠠᠭ᠎ᠢᠶᠠᠷ ᠤᠢᠮᠤᠷᠠᠨ ᠪᠥᠭᠡᠮᠨᠡᠷᠡᠭᠰᠡᠨ ᠦᠬᠡᠷ ᠬᠣᠨᠢ ᠠᠳᠤᠭᠤ ᠣᠷᠣᠢ᠎ᠶᠢᠨ ᠵᠢᠪᠠᠷ᠎ᠲᠤ ᠰᠡᠳᠬᠢᠯ ᠰᠡᠷᠭᠦᠵᠦ ᠥᠨᠳᠥᠷ ᠭᠠᠵᠠᠷ᠎ᠢ ᠪᠠᠷᠠᠳᠠᠨ ᠬᠣᠰᠢᠭᠤᠷᠠᠬᠤ ᠪᠤᠯᠠᠢ᠃《ᠬᠣᠷᠢᠨ ᠨᠠᠢ᠍ᠮᠠᠲᠤ ᠲᠠᠢᠯᠪᠤᠷᠢ ᠲᠣᠯᠢ》 ᠳ᠋ᠤ ᠰᠡᠷᠢᠭᠦᠨ᠎ᠤ ᠲᠤᠬᠠᠢ᠄《ᠠᠰᠤᠷᠤ ᠬᠦᠢᠲᠡᠨ ᠦᠭᠡᠢ᠂ ᠠᠰᠤᠷᠤ ᠬᠠᠯᠠᠭᠤᠨ ᠦᠭᠡᠢ ᠲᠠᠭᠠᠯᠠᠮᠵᠢᠲᠠᠢ᠎ᠶᠢ ᠰᠡᠷᠢᠭᠦᠨ ᠬᠡᠮᠡᠮᠦᠢ᠃ ᠪᠠᠰᠠ ᠬᠡᠪᠲᠡᠵᠦ ᠠᠬᠤ ᠬᠥᠮᠥᠨ ᠤᠮᠳᠠᠭᠠᠳᠤᠢ᠎ᠶᠢ ᠮᠥᠨ ᠰᠡᠷᠢᠭᠦᠨ ᠬᠡᠮᠡᠮᠦᠢ》 ᠭᠡᠵᠦ ᠲᠠᠢᠯᠪᠤᠷᠢᠯᠠᠭᠰᠠᠨ ᠨᠢ ᠪᠤᠢ᠃

ᠲᠡᠭᠷᠢ᠎ᠶᠢᠨ ᠬᠠᠯᠠᠭᠤᠨ ᠭᠠᠵᠠᠷ᠎ᠲᠤ ᠰᠢᠩᠭᠡᠵᠦ ᠡᠪᠡᠰᠦ ᠤᠷᠭᠤᠮᠠᠯ᠎ᠢ ᠨᠢᠭᠡᠨ ᠵᠠᠭᠤᠷ᠎ᠠ ᠰᠠᠭᠰᠠᠢᠯᠭᠠᠨ ᠴᠡᠯᠭᠡᠷᠡᠭᠦᠯᠭᠦᠢ᠎ᠶᠢᠨ ᠵᠠᠪᠰᠠᠷ ᠴᠠᠭ᠎ᠤᠨ ᠰᠡᠷᠢᠭᠦᠨ ᠮᠥᠨ ᠴᠦ᠍ ᠴᠢᠪ ᠴᠢᠮᠡᠭᠡ ᠦᠭᠡᠢ ᠠᠢᠯᠴᠢᠯᠠᠨ ᠢᠷᠡᠬᠦ ᠠᠵᠢᠶᠠᠮᠤ᠃ ᠭᠠᠵᠠᠷ᠎ᠤᠨ ᠴᠢᠭᠢᠭ᠂ ᠨᠠᠷᠠᠨ᠎ᠤ ᠰᠢᠮ᠎ᠡ᠎ᠳᠤ ᠳᠣᠯᠳᠣᠢᠳᠠᠭᠰᠠᠨ ᠴᠡᠴᠡᠭ ᠨᠠᠪᠴᠢ ᠴᠢᠮᠡᠭᠡ ᠦᠭᠡᠢ ᠠᠢᠯᠴᠢᠯᠠᠬ᠍ᠰᠠᠨ ᠰᠡᠷᠢᠭᠦᠨ᠎ᠢ ᠠᠩᠵᠠᠭᠠᠷᠠᠬᠤ ᠵᠠᠢ ᠦᠭᠡᠢ᠂ ᠥᠮᠴᠢᠯᠡᠨ ᠬᠤᠷᠢᠶᠠᠭᠰᠠᠨ ᠥᠩᠭᠡ ᠭᠡᠷᠡᠯ᠎ᠢᠶᠠᠨ ᠦᠷᠭᠦᠯᠵᠢ ᠮᠥᠩᠬᠡ ᠮᠡᠲᠦ ᠥᠷᠨᠢᠭᠦᠯᠦᠨ ᠳᠡᠯᠭᠡᠷᠡᠭᠦᠯᠳᠡᠭ ᠬᠡᠳᠦᠢ ᠴᠦ᠍ ᠰᠡᠳᠬᠢᠯ᠎ᠢ ᠲᠣᠭᠲᠠᠭᠠᠨ ᠰᠡᠮ ᠠᠵᠢᠪᠠᠰᠤ ᠴᠠᠭ᠎ᠤᠨ ᠬᠥᠳᠡᠯᠭᠡᠭᠡᠨ ᠡᠷᠬᠡᠪᠰᠢ ᠮᠡᠳᠡᠷᠡᠭᠳᠡᠬᠦ ᠪᠤᠯᠠᠢ᠃

ᠡᠷᠲᠡ᠎ᠶᠢᠨ ᠰᠡᠪᠰᠢᠶ᠎ᠡ ᠤᠮᠳᠠ ᠳᠠᠢᠯᠤᠨ ᠰᠡᠩᠭᠢᠨᠡᠪᠡᠴᠦ ᠦᠨᠡᠬᠡᠷ ᠪᠣᠯᠭᠣᠭᠠᠪᠠᠰᠤ ᠦᠳᠡᠰᠢ᠎ᠶᠢᠨ ᠭᠦᠨ᠎ᠤ ᠦᠬᠡᠷ ᠴᠠᠭ᠎ᠠᠴᠠ ᠰᠡᠷᠢᠭᠦᠨ ᠡᠬᠢᠯᠡᠬᠦ ᠠᠵᠢ᠃ ᠰᠡᠷᠢᠭᠦᠨ ᠠᠢᠯᠴᠢᠯᠠᠪᠠᠰᠤ ᠡᠩ ᠲᠡᠷᠢᠭᠦᠨ᠎ᠳᠤ ᠠᠮᠢᠰᠬᠤᠭ᠎ᠠ ᠠᠪᠬᠤ᠎ᠳᠤ ᠠᠳᠠᠪᠠᠰᠢ ᠨᠡᠪᠲᠡᠷᠡᠬᠦ ᠮᠡᠲᠦ ᠪᠣᠯᠵᠤ ᠠᠭᠤᠯᠠ ᠲᠣᠯᠣᠭᠠᠳ᠂ ᠤᠰᠤ ᠭᠣᠷᠣᠬ᠎ᠠ ᠠᠰᠤᠷᠤ ᠰᠡᠷᠭᠦᠯᠡᠩ ᠰᠢᠨᠵᠢᠲᠡᠢ ᠪᠣᠯᠣᠮᠤᠢ᠃ ᠡᠰᠡ ᠪᠦᠭᠡᠰᠦ ᠤᠵᠢᠭ᠋ ᠬᠠᠯᠠᠭᠤᠨ᠎ᠳᠤ ᠨᠡᠷᠪᠡᠭᠳᠡᠭᠰᠡᠨ ᠤᠯᠤᠰ ᠠᠮᠢᠳᠠᠨ ᠡᠷᠬᠡ ᠦᠭᠡᠢ ᠨᠣᠵᠣᠭᠤᠷᠠᠵᠤ ᠶᠡᠬᠡ ᠬᠤᠯᠠ᠎ᠶᠢ ᠰᠡᠳᠬᠢᠬᠦ ᠰᠡᠴᠡ ᠳᠤᠲᠠᠬᠤ ᠠᠵᠤᠭᠤ᠃

ᠨᠢᠭᠡ ᠯᠡ ᠥᠷᠯᠥᠭᠡ ᠦᠳᠡᠰᠢ ᠰᠡᠷᠢᠭᠦᠨ᠎ᠤ ᠠᠮᠢᠰᠬᠤᠭ᠎ᠠ ᠡᠢᠨ ᠬᠦ᠌ ᠰᠡᠩᠭᠢᠨᠡᠨ ᠮᠡᠳᠡᠭᠳᠡᠮᠡᠭᠴᠡ ᠠᠭᠤᠯᠠ ᠲᠣᠯᠣᠭᠠᠳ᠎ᠤᠨ ᠡᠪᠡᠰᠦ ᠪᠡᠯᠴᠢᠭᠡᠷ ᠥᠯᠮᠡᠢ᠎ᠠᠴᠠ᠎ᠪᠠᠨ ᠰᠢᠭᠤᠭᠳᠠᠨ ᠬᠡᠢᠷᠬᠡᠵᠦ᠂ ᠠᠮᠠᠷ ᠦᠯᠦ ᠠᠩᠵᠠᠭᠠᠷᠠᠭᠳᠠᠬᠤ ᠭᠦᠢᠬᠡᠨ ᠴᠡᠩᠬᠡᠷ ᠥᠩᠭᠡ᠎ᠲᠠᠢ ᠪᠣᠯᠣᠮᠤᠢ᠃ ᠤᠷᠭᠢᠯ ᠳᠠᠮᠵᠢᠨ ᠢᠷᠡᠬᠦ ᠤᠮᠠᠷ᠎ᠠ᠎ᠶᠢᠨ ᠵᠢᠪᠠᠷ᠎ᠤᠨ ᠦᠵᠦᠭᠦᠷ ᠤᠶᠠᠬᠠᠨ ᠬᠡᠳᠦᠢ ᠴᠦ᠍ ᠰᠡᠷᠢᠭᠦᠨ᠎ᠤ ᠬᠣᠰᠢᠭᠤ ᠡᠷᠬᠡᠪᠰᠢ ᠮᠡᠳᠡᠭᠳᠡᠵᠦ ᠡᠷᠬᠡ ᠦᠭᠡᠢ ᠰᠠᠨᠠᠭ᠎ᠠ ᠠᠯᠳᠠᠭᠤᠯᠬᠤ ᠪᠦᠯᠦᠭᠡ᠃

《ᠠᠷᠤ ᠬᠠᠩᠭᠠᠢ ᠨᠤᠲᠤᠭ ᠮᠢᠨᠢ

ᠠᠭᠤᠵᠢᠮ ᠲᠤᠩᠭᠠᠯᠠᠭ ᠰᠡᠷᠢᠭᠦᠨ

ᠰᠢᠯᠢ ᠳᠡᠭᠡᠷ᠎ᠡ᠎ᠪᠠᠨ ᠪᠤᠳᠠᠩ᠎ᠲᠠᠢ ᠯᠡ

ᠰᠡᠷᠴᠢᠭᠢᠨᠡᠨ ᠬᠡᠢᠰᠴᠦ ᠪᠠᠢᠨ᠎ᠠ ᠯᠡ ᠁》 ᠭᠡᠵᠦ ᠮᠣᠩᠭᠣᠯ ᠠᠷᠠᠳ᠎ᠤᠨ ᠤᠷᠳᠤ᠎ᠶᠢᠨ ᠳᠠᠭᠤᠤ 《ᠠᠷᠤ ᠬᠠᠩᠭᠠᠢ ᠨᠤᠲᠤᠭ》᠎ᠲᠦ ᠳᠠᠭᠤᠯᠠᠳᠠᠭ᠃ ᠲᠠᠯ᠎ᠠ ᠨᠤᠲᠤᠭ᠎ᠤᠨ ᠠᠭᠤᠳᠠᠮ ᠴᠡᠯᠡᠭᠡᠷ᠂ ᠰᠡᠷᠢᠭᠦᠨ ᠲᠤᠩᠭᠠᠯᠠᠭ᠎ᠢ ᠭᠤᠷᠪᠠᠬᠠᠨ ᠦᠭᠡ᠎ᠪᠠᠷ ᠣᠨᠣᠭᠠᠵᠤ ᠳᠠᠭᠤᠯᠠᠭᠰᠠᠨ ᠠᠷᠠᠳ᠎ᠤᠨ ᠪᠢᠯᠢᠭ ᠡᠨᠡ᠃ ᠲᠡᠭᠡᠭᠡᠳ ᠴᠦ᠍ ᠠᠭᠤᠳᠠᠮ ᠪᠠᠢᠮᠠᠨᠵᠢᠨ ᠲᠤᠩᠭᠠᠯᠠᠭ ᠲᠥᠷᠥᠭᠳᠡᠵᠦ᠂ ᠲᠤᠩᠭᠠᠯᠠᠭ ᠣᠷᠣᠰᠢᠮᠠᠨᠵᠢᠨ ᠰᠡᠷᠢᠭᠦᠨ ᠪᠤᠯᠳᠠᠭ᠎ᠢ ᠡᠭᠦᠨ᠎ᠠᠴᠠ ᠤᠬᠠᠭᠠᠷᠠᠵᠤ ᠪᠣᠯᠤᠶᠤ᠃

ᠮᠥᠨ ᠪᠠᠰᠠ᠄

《ᠰᠡᠷᠢᠭᠦᠨ ᠰᠠᠢᠬᠠᠨ ᠬᠠᠩᠭᠠᠢ᠎ᠳᠤ

ᠲᠤᠩᠭᠠᠯᠠᠭ ᠤᠰᠤ ᠤᠷᠤᠰᠤᠨ᠎ᠠ ᠮᠢᠨᠤ ᠵᠧ

ᠰᠡᠳᠬᠢᠯ᠎ᠤᠨ ᠳᠤᠮᠳᠠ᠎ᠠᠴᠠ ᠲᠣᠳᠣᠷᠬᠠᠢ

ᠮᠢᠨᠤ ᠨᠢᠭᠡᠨ ᠠᠯᠳᠠᠷᠠᠢ ᠮᠢᠨᠤ ᠵᠧ ᠁》 ᠭᠡᠵᠦ ᠳᠠᠭᠤᠯᠠᠳᠠᠭ ᠮᠣᠩᠭᠣᠯ ᠠᠷᠠᠳ᠎ᠤᠨ ᠤᠷᠳᠤ᠎ᠶᠢᠨ ᠳᠠᠭᠤᠤ 《ᠰᠡᠷᠢᠭᠦᠨ ᠰᠠᠢᠬᠠᠨ ᠬᠠᠩᠭᠠᠢ》 ᠪᠤᠢ᠃ ᠰᠡᠷᠢᠭᠦᠨ᠎ᠤ ᠴᠠᠭ ᠨᠢᠭᠡᠨᠲᠡ ᠯᠡ ᠠᠢᠯᠴᠢᠯᠠᠪᠠᠰᠤ ᠰᠡᠳᠬᠢᠯ᠎ᠤᠨ ᠠᠶ᠎ᠠ ᠭᠦᠭ ᠠᠶᠠᠨᠳᠠᠭᠠᠨ ᠬᠥᠭᠯᠡᠭᠳᠡᠵᠦ ᠠᠮᠠᠷᠠᠭ ᠨᠥᠬᠥᠷ᠂ ᠤᠷᠤᠭ ᠡᠯᠢᠭᠡᠨ ᠡᠷᠬᠡ ᠦᠭᠡᠢᠶ᠎ᠠ ᠰᠠᠨᠠᠭᠳᠠᠬᠤ ᠠᠨᠤ ᠵᠢᠷᠭᠠᠯ ᠴᠦ᠍ ᠮᠡᠲᠦ ᠵᠤᠪᠠᠯᠠᠩ ᠴᠦ᠍ ᠮᠡᠲᠦ ᠪᠤᠯᠳᠠᠭ᠎ᠤᠨ ᠶᠣᠰᠣᠨ ᠡᠨᠡ ᠪᠤᠶᠤ᠃ ᠡᠭᠦᠨ᠎ᠤ ᠵᠡᠷᠭᠡ᠎ᠪᠠᠷ ᠠᠭᠤᠯᠠ ᠬᠠᠩᠭᠠᠢ ᠤᠷᠮᠠᠲᠠᠢ ᠴᠣᠪᠣᠭᠣ᠌ ᠰᠢᠨᠵᠢ᠎ᠳᠤ ᠬᠤᠪᠢᠯᠤᠨ ᠤᠰᠤ ᠪᠤᠯᠠᠭ ᠲᠤᠩᠭᠠᠯᠠᠭ᠍ᠰᠢᠨ ᠴᠡᠯᠮᠡᠵᠦ ᠣᠭᠲᠠᠷᠭᠤᠢ᠎ᠶᠢ ᠲᠣᠯᠢᠳᠠᠨ ᠨᠠᠮᠵᠢᠬᠤ ᠪᠤᠯᠠᠢ᠃ ᠢᠩᠭᠢᠬᠦ ᠲᠤᠰᠤᠮ ᠰᠡᠳᠬᠢᠯ᠎ᠤᠨ ᠭᠦᠨ᠎ᠳᠤ ᠢᠷᠦᠭᠡᠯᠲᠦ ᠬᠥᠮᠥᠨ ᠲᠣᠳᠣᠷᠠᠵᠤ ᠲᠠᠪᠢᠯᠠᠩ᠎ᠤᠨ ᠮᠠᠨᠠᠨ᠂ ᠵᠠᠶᠠᠭᠠᠨ᠎ᠤ ᠪᠤᠳᠠᠩ ᠠᠷᠢᠯᠬᠤ ᠮᠡᠲᠦ ᠪᠤᠳᠤᠬ᠍ᠳᠠᠨ᠎ᠠ᠃ ᠡᠨᠡ ᠢᠨᠦ ᠰᠡᠷᠢᠭᠦᠨ ᠪᠠᠢᠭᠠᠯᠢ᠎ᠶᠢᠨ ᠬᠦᠴᠦ᠂ ᠰᠡᠳᠬᠢᠯᠲᠦ ᠬᠥᠮᠥᠨ᠎ᠳᠤ ᠦᠢᠯᠡᠴᠢᠯᠡᠭᠰᠡᠨ᠎ᠤ ᠲᠡᠮᠳᠡᠭ᠃

ᠶᠡᠬᠡ ᠪᠢᠴᠢᠭᠳᠡᠨ ᠢᠨᠵᠠᠨᠨᠠᠰᠢ᠎ᠶᠢᠨ ᠰᠢᠯᠦᠭ᠎ᠲᠤ ᠪᠠᠰᠠ ᠰᠡᠷᠢᠭᠦᠨ᠎ᠤ ᠲᠤᠬᠠᠢ ᠮᠥᠷ ᠪᠤᠢ ᠪᠥᠭᠡᠳ ᠲᠠᠯ᠎ᠠ ᠨᠤᠲᠤᠭ᠎ᠤᠨ ᠪᠠᠢᠭᠠᠯᠢ᠎ᠶᠢᠨ ᠠᠷᠠᠨᠰᠢᠨ᠂ ᠬᠥᠮᠥᠨ᠎ᠤ ᠠᠶᠠᠯᠭᠤ ᠢᠯᠡᠳᠲᠡ ᠲᠣᠳᠣᠷᠠᠵᠤ ᠬᠠᠷᠠᠭᠳᠠᠳᠠᠭ᠃

《 ᠪᠢᠨᠳᠤᠷᠢᠶ᠎ᠠ ᠣᠭᠲᠠᠷᠭᠤᠢ ᠳ᠋ᠤᠷ ᠡᠭᠦᠯᠡᠨ ᠦᠭᠡᠢ ᠥᠷᠯᠥᠭᠡ ᠡᠷᠲᠡ ᠰᠡᠷᠢᠭᠦᠨ

ᠪᠢᠯᠬᠠᠮᠠᠯ ᠨᠠᠭᠤᠷ ᠲᠤᠷ ᠨᠠᠪᠴᠢ ᠤᠨᠠᠵᠤ ᠤᠰᠤᠨ᠎ᠤ ᠬᠤᠨᠢᠶᠠᠷ ᠪᠢᠳᠡᠷ᠎ᠲᠠᠢ

ᠪᠢᠯᠵᠤᠤᠬᠠᠢ᠎ᠶᠢᠨ ᠲᠠᠭᠤᠨ᠎ᠠ ᠬᠠᠮᠲᠤ ᠰᠣᠨᠣᠰᠳᠠᠬᠤ ᠠᠶᠠᠯᠭᠤ᠎ᠶᠢ ᠡᠷᠢᠨ ᠴᠢᠩᠨᠠᠪᠠᠰᠤ

ᠪᠢᠴᠢᠬᠠᠨ ᠰᠢᠪᠡᠭᠴᠢᠨ ᠪᠢᠯᠢᠭ ᠲᠦᠷᠦᠭᠡᠳ ᠪᠢᠴᠢᠭ ᠤᠩᠰᠢᠬᠤ ᠡᠭᠡᠰᠢᠭ》

ᠨᠡᠬᠡᠷᠡᠨ ᠠᠰᠤᠷᠢ ᠲᠡᠭᠷᠢ᠎ᠳᠤ ᠡᠭᠦᠯᠡ ᠦᠭᠡᠢ ᠥᠨᠵᠢᠪᠡᠰᠦ ᠰᠠᠶᠢ ᠠᠭᠯᠠᠭ ᠬᠡᠭᠡᠷ᠎ᠡ᠎ᠶᠢᠨ ᠪᠡᠯᠴᠢᠭᠡᠷ᠎ᠲᠤ ᠰᠢᠭᠦᠳᠡᠷᠢ ᠤᠨᠠᠬᠤ ᠠᠭᠠᠳ᠂ ᠤᠯᠠᠮ᠎ᠢᠶᠠᠷ ᠰᠡᠷᠢᠭᠦᠨ᠎ᠤ ᠰᠢᠨᠵᠢ ᠡᠩᠭᠡᠷ ᠬᠠᠨᠴᠤᠢ᠎ᠳᠤ ᠨᠡᠪᠲᠡᠷᠡᠬᠦ ᠪᠤᠯᠠᠢ᠃ ᠨᠠᠪᠴᠢ ᠲᠡᠭᠡᠭᠡᠭᠰᠡᠨ ᠤᠰᠤ ᠪᠢᠳᠡᠷ ᠡᠭᠦᠰᠬᠡᠪᠡᠴᠦ ᠳᠠᠭᠤ᠎ᠪᠠᠨ ᠨᠡᠩᠳᠡ ᠬᠤᠷᠢᠶᠠᠬᠤ ᠲᠤᠯᠠ ᠪᠠᠢᠭᠠᠯᠢ᠎ᠶᠢᠨ ᠴᠢᠮᠡᠭᠡ ᠠᠳᠠᠪᠠᠰᠢ ᠢᠷᠠᠭᠤ᠂ ᠥᠩᠭᠡ ᠭᠠᠯᠪᠢᠷ ᠡᠭᠡᠨᠡᠭᠲᠡ ᠲᠣᠳᠣ᠌ ᠪᠤᠯᠬᠤ ᠪᠤᠶ᠃ ᠴᠠᠭ᠎ᠤᠨ ᠰᠡᠷᠢᠭᠦᠨ ᠡᠢᠨ ᠬᠦ᠌ ᠭᠦᠨᠰᠢᠯᠡᠭᠦᠶ᠎ᠡ ᠬᠥᠮᠥᠨ᠎ᠤ ᠰᠡᠳᠬᠢᠯ᠂ ᠪᠠᠢᠭᠠᠯᠢ᠎ᠶᠢᠨ ᠥᠩᠭᠡ᠎ᠪᠠᠷ ᠠᠶᠠᠨᠳᠠᠭᠠᠨ ᠢᠷᠠᠭᠤᠰᠴᠤ᠂ ᠤᠶᠠᠩᠭ᠎ᠠ ᠰᠢᠯᠦᠭ᠎ᠤᠨ ᠰᠠᠨᠠᠭ᠎ᠠ ᠲᠥᠷᠥᠭᠳᠡᠵᠦ ᠤᠷᠢᠳᠤ ᠬᠣᠵᠢᠮ᠎ᠤᠨ ᠦᠢᠯᠡ ᠪᠤᠳᠤᠬ᠍ᠳᠠᠮᠤᠢ᠃ ᠲᠠᠷᠢᠬᠢ ᠬᠥᠩᠭᠡᠷᠡᠨ ᠨᠣᠢᠷ ᠰᠡᠷᠭᠦᠵᠦ ᠤᠶᠤᠨ ᠲᠤᠩᠭᠠᠯᠠᠭ ᠪᠣᠯᠣᠭᠠᠳ ᠡᠭᠡᠯ ᠠᠮᠢᠳᠤᠷᠠᠯ᠎ᠳᠤ ᠡᠷᠬᠡᠰᠢᠶᠡᠭᠳᠡᠭᠰᠡᠨ ᠡᠨᠡᠬᠡᠨ ᠨᠠᠰᠣᠨ᠎ᠤ ᠲᠠᠪᠢᠯᠠᠩ᠎ᠠᠴᠠ᠎ᠪᠠᠨ ᠠᠯᠳᠠᠭᠤᠷᠠᠬᠤ ᠮᠡᠲᠦ ᠰᠡᠳᠬᠢᠭᠳᠡᠬᠦ ᠪᠤᠶᠤ ᠃

ᠴᠠᠭ᠎ᠤᠨ ᠰᠡᠷᠢᠭᠦᠨ᠎ᠠᠴᠠ ᠤᠯᠠᠮᠯᠠᠵᠤ ᠴᠢᠨᠠᠳᠤ ᠬᠤᠯᠠ᠎ᠶᠢᠨ ᠬᠡᠷᠡᠭ᠎ᠲᠤ ᠰᠡᠳᠬᠢᠯ ᠰᠡᠷᠪᠡᠯᠵᠡᠵᠦ ᠰᠠᠭᠤᠭᠰᠠᠨ᠎ᠤ ᠴᠥᠭᠡᠨ ᠦᠭᠡ᠎ᠶᠢ ᠡᠭᠦᠪᠡᠷ ᠬᠤᠷᠢᠶᠠᠰᠣ᠌᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面