24ᠴᠠᠭ ᠤᠯᠠᠷᠢᠯ > ᠴᠠᠭᠠᠨ ᠱᠢᠭᠦᠳᠡᠷᠢ

2022-09-14 16:44:53

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3


ᠪᠡᠭᠡᠵᠢᠩ᠎ᠦᠨ ᠴᠠᠭ᠎ᠢᠶᠠᠷ 9 ᠰᠠᠷ᠎ᠠ᠎ᠶ᠋ᠢᠨ 7 ᠎ᠤ ᠡᠳᠦᠷ᠎ᠦᠨ 23 ᠴᠠᠭ 32 ᠮᠢᠨᠦ᠋ᠲ᠎ᠲᠦ ᠡᠳᠦᠷ ᠰᠥᠨᠢ᠎ᠶ᠋ᠢᠨ ᠳᠤᠯᠠᠭᠠᠨ᠎ᠤ ᠵᠥᠷᠢᠶ᠎ᠡ᠎ᠪᠡᠷ ᠬᠠᠮᠤᠭ᠎ᠤᠨ ᠶᠡᠬᠡ ᠴᠠᠭ ᠠᠭᠤᠷ᠎ᠪᠤᠯᠬᠤ ᠴᠠᠭᠠᠨ ᠱᠢᠭᠦᠳᠡᠷᠢ ᠤᠷᠤᠨ᠎ᠠ᠃ ᠡᠨᠡ ᠦᠶ᠎ᠡ ᠡᠴᠡ ᠡᠭᠦᠯᠡ ᠨᠢᠮᠭᠡᠷᠡᠵᠦ ᠰᠠᠯᠬᠢ ᠰᠡᠷᠢᠬᠦᠳᠡᠨ᠂ ᠨᠠᠮᠤᠷ᠎ᠤᠨ ᠲᠡᠷᠢᠬᠦᠨ ᠰᠠᠷ᠎ᠠ ᠡᠴᠦᠰᠯᠡᠵᠦ ᠨᠠᠮᠤᠷ᠎ᠤᠨ ᠳᠤᠮᠳᠠ ᠰᠠᠷ᠎ᠠ ᠡᠬᠢᠯᠡᠨ᠎ᠡ᠃

ᠴᠠᠭᠠᠨ ᠱᠢᠭᠦᠳᠡᠷᠢ ᠤᠷᠤᠭ᠍ᠰᠠᠨ᠎ᠤ ᠳᠠᠷᠠᠭ᠎ᠠ᠂ ᠵᠣᠨ᠎ᠤ ᠤᠯᠠᠷᠢᠯ᠎ᠤᠨ ᠰᠠᠯᠬᠢ ᠨᠢ ᠡᠪᠦᠯ᠎ᠦᠨ ᠤᠯᠠᠷᠢᠯ᠎ᠤᠨ ᠰᠠᠯᠬᠢᠨ᠎ᠢᠶᠠᠷ ᠣᠷᠣᠯᠠᠭ᠍ᠳᠠᠵᠤ᠂ ᠬᠦᠶ᠋ᠲᠡᠨ ᠠᠭᠠᠷ ᠲᠡᠢᠯᠦᠨᠭᠬᠢ ᠵᠢ ᠡᠵᠡᠯᠡᠵᠦ᠂ ᠨᠡᠷᠡᠨ᠎ᠦ ᠡᠭ᠌ᠴᠡ ᠲᠤᠰᠤᠯᠲᠠ᠎ᠶ᠋ᠢᠨ ᠪᠠᠢᠷᠢ ᠨᠢ ᠠᠭᠠᠵᠢᠮ᠎ᠢᠶᠠᠷ ᠡᠮᠦᠨᠡᠱᠢᠯᠡᠵᠦ᠍᠂ ᠤᠮᠠᠷᠠᠲᠤ ᠬᠠᠭᠠᠰ ᠪᠥᠮᠪᠥᠷᠴᠡᠭ᠎ᠦᠨ ᠨᠡᠷᠡᠨ᠎ᠦ ᠲᠤᠰᠤᠯᠲᠠ᠎ᠶ᠋ᠢᠨ ᠴᠠᠭ ᠪᠣᠭᠣᠨᠢᠰᠴᠤ᠌᠂ ᠨᠡᠷᠡᠨ᠎ᠦ ᠲᠤᠰᠤᠯᠲᠠ᠎ᠶ᠋ᠢᠨ ᠬᠦᠴᠦᠯᠡᠴᠡ ᠨᠢ ᠪᠠᠭᠤᠷᠠᠨ᠂ ᠰᠥᠨᠢ᠎ᠳᠡᠭᠡᠨ ᠦᠷᠭᠦᠯᠵᠢ ᠲᠤᠩᠭᠠᠯᠠᠭ ᠡᠭᠦᠯᠡ᠎ᠪᠠᠭᠠᠳᠠᠢ ᠪᠤᠯᠵᠦ᠂ ᠭᠠᠵᠠᠷ᠎ᠤᠨ ᠭᠠᠳᠠᠷᠭᠤ᠎ᠶ᠋ᠢᠨ ᠰᠠᠴᠤᠷᠠᠯᠲᠠ᠎ᠶ᠋ᠢᠨ ᠢᠯᠴᠢ ᠰᠠᠷᠨᠢᠬᠤ ᠨᠢ ᠲᠦᠷᠭᠡᠳᠦᠭᠡᠳ᠂ ᠡᠷᠲᠡ ᠣᠷᠣᠶ᠎ᠶ᠋ᠢᠨ ᠳᠤᠯᠠᠭᠠᠨ᠎ᠤ ᠵᠥᠷᠢᠶ᠎ᠡ ᠨᠢ ᠶᠡᠬᠡᠰᠳᠡᠭ᠃ ᠡᠢᠮᠦ᠍᠎ᠡᠴᠡ ᠠᠷᠠᠳ᠎ᠤᠨ ᠦᠭᠡᠨ᠎ᠳᠦ 《ᠴᠠᠭᠠᠨ ᠱᠢᠭᠦᠳᠡᠷᠢ᠎ᠤᠷᠤᠭᠰᠠᠭᠠᠷ ᠨᠢᠭᠡ ᠯᠡ ᠰᠥᠨᠢ ᠳ᠋ᠤ ᠨᠠᠮᠤᠷ ᠪᠤᠯᠵᠤ᠂ ᠡᠳᠦᠷ ᠲᠤᠳᠤᠮ ᠰᠡᠷᠢᠭᠦᠨ ᠪᠤᠯᠤᠨ᠎ᠠ》 ᠬᠡᠳᠡᠭ᠃

ᠴᠠᠭᠠᠨ ᠱᠢᠭᠦᠳᠡᠷᠢ ᠤᠷᠤᠭᠰᠠᠭᠠᠷ ᠠᠭᠠᠷ᠎ᠤᠨ ᠳᠤᠯᠠᠭᠠᠨ ᠳᠣᠷᠣᠭ᠍ᠰᠢᠯᠠᠵᠦ᠂ ᠡᠳᠦᠷ ᠰᠥᠨᠢ᠎ᠶ᠋ᠢᠨ ᠳᠤᠯᠠᠭᠠᠨ᠎ᠤ ᠵᠥᠷᠢᠶ᠎ᠡ ᠨᠢ ᠶᠡᠬᠡ ᠪᠤᠯᠬᠤ ᠤᠴᠢᠷ ᠡᠴᠡ ᠡᠨᠡᠬᠦ ᠬᠤᠭᠤᠴᠠᠭᠠᠨ ᠳ᠋ᠤ ᠬᠤᠪᠴᠠᠰᠤ ᠬᠤᠨᠠᠷ᠎ᠢᠶᠠᠨ ᠴᠠᠭ᠎ᠲᠤᠨᠢ ᠲᠣᠬᠢᠷᠠᠭᠤᠯᠵᠦ᠂ ᠳᠠᠭᠠᠷᠠᠬᠤ᠎ᠠᠴᠠ ᠵᠠᠢᠯᠠᠰᠭᠢᠬᠦ᠌ ᠬᠡᠷᠡᠭ᠌ᠲᠡᠶ᠃ ᠡᠭᠦᠨ᠎ᠡᠴᠡ ᠭᠠᠳᠠᠨ᠎ᠠ᠂ ᠢᠳᠡᠭᠡᠨ ᠤᠮᠳᠠᠭᠠᠨ᠎ᠤ ᠲᠠᠯ᠎ᠠ᠎ᠪᠠᠷ ᠨᠠᠩᠭᠢ ᠴᠠᠭᠠᠨ᠂ ᠮᠥᠩᠭᠥᠨ ᠳᠡᠯᠳᠡᠦ᠂ ᠬᠡᠯᠡᠭᠡᠶ ᠰᠠᠷᠠᠨ᠎ᠠ᠂ ᠠᠯᠢᠮ᠎ᠠ᠂ ᠯᠢᠩᠬᠤ᠎ᠠ᠎ᠶ᠋ᠢᠨ ᠦᠨᠳᠦᠰᠦ᠂ ᠮᠠᠭᠠᠵᠢ᠂ ᠨᠤᠭᠤᠰᠤᠨ ᠮᠢᠬ᠎ᠠ ᠵᠡᠷᠭᠡ ᠠᠭᠤᠰᠭᠢ᠎ᠶ᠋ᠢ ᠱᠢᠮᠡᠵᠢᠭᠦᠯᠬᠦ ᠢᠳᠡᠭᠡᠨ ᠎ᠢ ᠢᠯᠡᠬᠦᠬᠡᠨ ᠢᠳᠡᠪᠡᠯ ᠵᠤᠬᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面