2022-02-19 21:20:49
ᠬᠤᠷ᠎ᠠ ᠤᠰᠤ᠎ᠶᠢᠨ ᠴᠠᠭ ᠤᠯᠠᠷᠢᠯ ᠬᠦᠷᠴᠦ᠍ ᠢᠷᠡᠭ᠌ᠰᠡᠨ ᠨᠢ ᠡᠪᠦᠯ᠎ᠦᠨ ᠤᠯᠠᠷᠢᠯ᠎ᠤᠨ ᠬᠠᠭᠤᠷᠠᠶ ᠬᠦᠶ᠋ᠲᠡᠨ ᠠᠭᠤᠷ ᠠᠮᠢᠰᠭᠤᠯ ᠤᠳᠠᠯ ᠥᠬᠡᠶ ᠳᠠᠭᠤᠰᠴᠤ᠌᠂ ᠠᠭᠠᠷ᠎ᠤᠨ ᠳᠤᠯᠠᠭᠠᠨ ᠳᠡᠭᠡᠭ᠌ᠰᠢᠯᠡᠵᠦ᠍᠂ ᠴᠢᠭᠢᠭ᠌ᠲᠦᠴᠡᠶᠢᠨ ᠬᠡᠮᠵᠢᠶ᠎ᠡ ᠨᠡᠮᠡᠭ᠌ᠳᠡᠨ᠂ ᠪᠣᠷᠣᠭᠠᠨ ᠬᠤᠷ᠎ᠠ ᠨᠡᠮᠡᠭ᠌ᠳᠡᠬᠦ᠎ᠶᠢ ᠬᠠᠷᠠᠭᠤᠯᠵᠤ ᠪᠤᠢ᠃ ᠬᠤᠷ᠎ᠠ ᠤᠰᠤ᠎ᠶᠢᠨ ᠴᠠᠭ ᠠᠭᠤᠷ ᠨᠢ ᠶᠠᠭ ᠡᠪᠦᠯ᠎ᠦᠨ ᠰᠡᠭᠦᠯᠴᠢ ᠬᠠᠪᠤᠷ᠎ᠤᠨ ᠡᠬᠢᠨ᠎ᠦ ᠱᠢᠯᠵᠢᠯᠲᠡ᠎ᠶ᠋ᠢᠨ ᠤᠯᠠᠷᠢᠯ᠎ᠳᠤ ᠪᠠᠢᠳᠠᠭ᠎ᠡᠴᠡ ᠬᠦᠶ᠋ᠲᠡᠨ ᠳᠤᠯᠠᠭᠠᠨ᠎ᠤ ᠬᠤᠪᠢᠷᠠᠯᠲᠠ ᠶᠡᠬᠡ᠂ ᠱᠢᠯᠢᠮᠳᠡᠭ᠂ ᠪᠣᠭᠣᠳᠠᠶ ᠵᠡᠷᠭᠡ ᠲᠠᠷᠢᠮᠠᠯ ᠨᠢ ᠠᠮᠠᠷᠬᠠᠨ ᠬᠥᠯᠳᠡᠳᠡᠭ ᠪᠣᠯᠬᠣᠷ ᠬᠥᠷᠦᠰᠦ ᠨᠡᠮᠡᠵᠦ᠍ ᠪᠣᠷᠲᠣᠭᠣᠷ ᠣᠷᠣᠭᠤᠯᠬᠤ ᠰᠡᠷᠭᠡᠢᠯᠡᠯᠲᠡ᠎ᠶᠢᠨ ᠠᠷᠭ᠎ᠠ ᠬᠡᠮᠵᠢᠶ᠎ᠡ ᠠᠪᠬᠤ ᠴᠢᠬᠤᠯᠠᠲᠠᠢ᠃

ᠢᠳᠡᠱᠢᠨ ᠨᠤᠭᠤᠭ᠎ᠠ᠎ᠶᠢᠨ ᠲᠤᠬᠠᠢ᠄
·ᠬᠦᠯᠡᠮᠵᠢ᠎ᠶ᠋ᠢᠨ ᠢᠳᠡᠱᠢᠨ ᠨᠣᠭᠣᠭ᠎ᠠ᠂ ᠭᠤᠸ᠎ᠠ ᠵᠢᠮᠢᠰ ᠵᠡᠷᠭᠡ᠎ᠶᠢᠨ ᠬᠥᠯᠳᠡᠬᠦ᠌᠎ᠡᠴᠡ ᠰᠡᠷᠭᠡᠢᠯᠡᠨ ᠳᠤᠯᠠᠭᠠᠨ᠎ᠢ ᠬᠠᠮᠠᠭᠠᠯᠠᠬᠤ ᠠᠵᠢᠯ᠎ᠢ ᠦᠷᠭᠦᠯᠵᠢᠯᠡᠨ ᠰᠠᠢᠲᠤᠷ ᠬᠢᠬᠦ᠌ ᠬᠡᠷᠡᠭ᠌ᠲᠡᠶ;
·ᠲᠣᠮᠣ ᠬᠦᠯᠡᠮᠵᠢ᠎ᠶᠢᠨ ᠳᠤᠯᠠᠭᠠᠨ ᠪᠠ ᠴᠢᠭᠢᠭ᠎ᠤᠨ ᠬᠡᠮᠵᠢᠶᠡᠨ᠎ᠤ ᠬᠠᠮᠢᠶᠠᠷᠤᠯᠲᠠ᠎ᠶ᠋ᠢ ᠴᠢᠩᠭᠠᠳᠭᠠᠵᠤ᠂ ᠰᠠᠯᠬᠢ ᠵᠢᠪᠠᠷ ᠨᠡᠪᠲᠡᠷᠡᠭᠦᠯᠬᠦ᠌ ᠠᠵᠢᠯ᠎ᠢ ᠰᠠᠢᠲᠤᠷ ᠬᠢᠬᠦ ᠬᠡᠷᠡᠭᠲᠡᠢ;
·ᠴᠡᠴᠡᠭ᠂ ᠵᠢᠮᠢᠰ᠎ᠢ ᠬᠠᠮᠠᠭᠠᠯᠠᠬᠤ ᠠᠵᠢᠯ᠎ᠢ ᠦᠷᠭᠦᠯᠵᠢᠯᠡᠨ ᠰᠠᠢᠲᠤᠷ ᠬᠢᠬᠦ ᠬᠡᠷᠡᠭᠲᠡᠢ;
·ᠬᠤᠷ᠎ᠠ ᠤᠰᠤ᠎ᠶᠢᠨ ᠳᠠᠷᠠᠭ᠎ᠠ ᠯᠤᠤᠪᠠᠩ ᠳᠠᠷᠢᠬᠤ᠎ᠳᠤ ᠬᠦᠷᠪᠡᠯ ᠤᠷᠭᠤᠯᠲᠠ᠎ᠶ᠋ᠢᠨ ᠬᠤᠭᠤᠴᠠᠭ᠎ᠠ ᠨᠢ ᠣᠬᠣᠷ᠂ ᠬᠦᠶ᠋ᠲᠡᠨ᠎ᠳᠦ ᠲᠡᠰᠪᠦᠷᠢᠲᠡᠶ᠂ ᠠᠮᠠᠷᠬᠠᠨ ᠬᠥᠨᠳᠡᠢᠷᠡᠬᠦ᠌ ᠥᠬᠡᠶ ᠡᠭᠦᠯᠳᠡᠷ᠎ᠢ ᠰᠣᠩᠭᠣᠵᠤ ᠳᠠᠷᠢᠪᠠᠯ ᠵᠣᠬᠢᠨ᠎ᠠ᠃
ᠮᠠᠯ ᠲᠠᠷᠢᠶᠠᠯᠠᠩ᠎ᠤᠨ ᠲᠤᠬᠠᠢ᠄
·ᠬᠠᠱᠢᠶ᠎ᠠ ᠰᠠᠷᠠᠪᠴᠢ᠎ᠶᠢ ᠳᠤᠯᠠᠭᠠᠯᠠᠬᠤ ᠠᠵᠢᠯ᠎ᠢ ᠦᠷᠭᠦᠯᠵᠢᠯᠡᠨ ᠰᠠᠢᠲᠤᠷ ᠬᠢᠬᠦ᠌ ᠬᠡᠷᠡᠭ᠌ᠲᠡᠶ᠃
·ᠨᠠᠷᠠ ᠭᠠᠷᠴᠤ ᠱᠢᠭᠦᠳᠡᠷᠢ᠎ᠶ᠋ᠢᠨ ᠤᠰᠤ ᠪᠦᠷᠢᠮᠦᠰᠦᠨ ᠬᠠᠳᠠᠵᠤ᠂ ᠪᠠᠷᠤᠭ ᠦᠳᠡ᠎ᠶ᠋ᠢᠨ ᠡᠮᠦᠨᠡᠬᠢ ᠶᠢᠰᠦᠨ ᠴᠠᠭ᠎ᠤᠨ ᠦᠶ᠎ᠡ᠎ᠪᠡᠷ ᠬᠤᠨᠢ ᠢᠮᠠᠭ᠎ᠠ᠎ᠪᠠᠨ ᠬᠠᠷᠢᠭᠤᠯᠬᠤ ᠪᠦᠭᠡᠳ ᠨᠡᠷᠡᠨ ᠬᠥᠲᠥᠯ ᠳᠡᠭᠡᠷ᠎ᠡ ᠪᠡᠯᠴᠢᠭᠡᠷᠯᠡᠭᠦᠯᠪᠡᠯ ᠰᠠᠢᠨ᠃
·ᠮᠠᠯ ᠵᠢᠭᠦᠷᠲᠡᠨ᠎ᠢ ᠠᠯᠠᠵᠤ ᠨᠢᠲᠤᠯᠬᠤ ᠲᠠᠯᠠᠪᠤᠷ᠎ᠤᠨ ᠠᠷᠢᠭᠤᠳᠭᠠᠬᠤ ᠠᠵᠢᠯ᠎ᠢ ᠴᠢᠩᠭᠠᠳᠭᠠᠵᠤ᠂ ᠬᠢᠵᠢᠭ ᠡᠪᠡᠳᠴᠢᠨ ᠳᠡᠯᠭᠡᠷᠡᠬᠦ᠌᠎ᠶ᠋ᠢ ᠰᠡᠷᠭᠡᠢᠯᠡᠨ ᠬᠣᠷᠢᠭ᠍ᠯᠠᠬᠤ ᠬᠡᠷᠡᠭ᠌ᠲᠡᠶ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃