2022-02-18 21:52:05
ᠬᠢᠲᠠᠳ ᠡᠮᠨᠡᠯᠭᠡ᠎ᠳᠦ᠂ ᠬᠠᠪᠤᠷ᠎ᠤᠨ ᠤᠯᠠᠷᠢᠯ᠎ᠳᠤ ᠡᠯᠢᠭᠡᠨ ᠬᠡᠢ ᠶᠡᠬᠡ᠎ᠡᠴᠡ ᠪᠤᠯᠵᠤ ᠳᠡᠯᠢᠭᠦᠦ᠍ᠶ᠋ᠢ ᠠᠮᠠᠷᠬᠠᠨ ᠬᠥᠨᠳᠦᠳᠡᠭ ᠭᠡᠵᠦ ᠦᠵᠡᠵᠦ᠂ ᠬᠠᠪᠤᠷ᠎ᠤᠨ ᠤᠯᠠᠷᠢᠯ᠎ᠤᠨ ᠪᠡᠶ᠎ᠡ ᠰᠤᠪᠢᠯᠠᠯᠲᠠ ᠵᠣᠬᠢᠰ ᠦᠭᠡᠢ ᠪᠣᠯ ᠳᠡᠯᠢᠭᠦᠦ ᠠᠮᠠᠷᠬᠠᠨ ᠭᠡᠮᠲᠦᠵᠦ᠍᠂ ᠳᠡᠯᠢᠭᠦᠦ ᠬᠣᠳᠣᠭᠣᠳᠣ᠎ᠶ᠋ᠢᠨ ᠠᠵᠢᠯᠯᠠᠭ᠎ᠠ᠎ᠶ᠋ᠢ ᠮᠠᠭᠤᠳᠠᠭᠤᠯᠳᠠᠭ ᠶᠤᠮ᠃ ᠡᠢᠮᠦ᠍᠎ᠡᠴᠡ ᠬᠤᠷ᠎ᠠ ᠤᠰᠤ᠎ᠶᠢᠨ ᠴᠠᠭ ᠤᠯᠠᠷᠢᠯ᠎ᠳᠤ ᠳᠡᠯᠢᠭᠦᠦ᠍ᠶ᠋ᠢ ᠭᠤᠤᠯᠳᠠᠯᠭ᠎ᠠ ᠲᠠᠶ ᠬᠠᠮᠠᠭᠠᠯᠠᠬᠤ ᠬᠡᠷᠡᠭ᠌ᠲᠡᠶ᠃

ᠬᠠᠪᠤᠷ᠎ᠤᠨ ᠤᠯᠠᠷᠢᠯ᠎ᠳᠤ ᠳᠡᠯᠢᠭᠦᠦ᠎ᠪᠠᠨ ᠰᠤᠪᠢᠯᠠᠬᠤ᠎ᠳᠤ ᠭᠣᠣᠯ ᠨᠢ ᠡᠯᠢᠭᠡ᠎ᠶ᠋ᠢ ᠱᠢᠯᠤᠭᠤᠳᠭᠠᠵᠤ᠂ ᠡᠯᠢᠭᠡᠨ ᠬᠡᠢ᠎ᠶ᠋ᠢ ᠵᠣᠬᠢᠴᠠᠭᠤᠯᠬᠤ᠎ᠳᠤ ᠪᠤᠢ᠂ ᠡᠭᠦᠨ᠎ᠳᠤ ᠢᠳᠡᠭᠡᠨ ᠤᠮᠳᠠᠭᠠᠨ᠎ᠤ ᠲᠠᠯ᠎ᠠ᠎ᠪᠠᠷ ᠲᠡᠩᠴᠡᠭᠦᠷᠢᠲᠡᠶ ᠪᠠᠢᠬᠤ᠎ᠶ᠋ᠢ ᠪᠠᠲᠤᠯᠠᠵᠤ᠂ ᠢᠳᠡᠭᠡᠨ᠎ᠦ ᠳᠣᠲᠣᠷᠠᠬᠢ ᠤᠭᠤᠷᠠᠭ᠂ ᠨᠡᠭᠦᠷᠡᠰᠦ ᠤᠰᠤᠨ᠎ᠤ ᠨᠢᠭᠡᠳᠪᠦᠷᠢ᠂ ᠥᠭᠡᠬᠦ᠌᠂ ᠸᠢᠲ᠋ᠠᠮᠢᠨ᠂ ᠡᠷᠦᠳᠡᠰᠦ ᠵᠡᠷᠭᠡ᠎ᠶᠢᠨ ᠵᠣᠬᠢᠬᠤ ᠬᠠᠷᠢᠴᠠᠯ᠎ᠢ ᠪᠠᠲᠤᠯᠠᠨ᠎ᠠ᠃ ᠠᠯᠢ ᠴᠢᠳᠠᠬᠤ᠎ᠪᠠᠷ ᠭᠤᠱᠤᠭᠤᠨ ᠢᠳᠡᠭᠡᠨ ᠪᠠᠭ᠎ᠠ ᠢᠳᠡᠵᠦ᠍᠂ ᠱᠢᠨ᠎ᠡ ᠰᠣᠷᠭᠣᠭ ᠨᠣᠭᠣᠭ᠎ᠠ ᠢᠯᠡᠭᠦᠬᠡᠨ ᠢᠳᠡᠬᠦ᠌ ᠬᠡᠷᠡᠭ᠌ᠲᠡᠢ᠃ ᠳᠠᠷᠠᠭᠠᠯᠠᠪᠠᠯ᠂ ᠳᠤᠯᠠᠭᠠᠯᠠᠬᠤ᠎ᠶ᠋ᠢ ᠠᠩᠬᠠᠷᠴᠤ᠌᠂ ᠳᠠᠭᠠᠷᠠᠵᠤ ᠵᠢᠩᠭᠢᠨᠡᠵᠦ᠍ ᠪᠣᠯᠬᠤ ᠦᠭᠡᠢ᠂ ᠡᠭᠦᠨ᠎ᠦ ᠬᠠᠮᠲᠤ ᠬᠦᠢᠲᠡᠨ ᠢᠳᠡᠭᠡᠨ ᠪᠠᠭ᠎ᠠ ᠢᠳᠡᠵᠦ᠍ ᠳᠡᠯᠢᠭᠦᠦ ᠬᠣᠳᠣᠭᠣᠳᠣ᠎ᠪᠠᠨ ᠬᠠᠮᠠᠭᠠᠯᠠᠪᠠᠯ ᠵᠤᠬᠢᠨ᠎ᠠ᠃ ᠡᠩ᠎ᠦᠨ ᠦᠶ᠎ᠡ᠎ᠳᠦ ᠬᠡᠯᠲᠡᠭᠡ ᠵᠢᠭᠠᠰᠤ᠂ ᠬᠤᠯᠤᠤᠪᠠᠩ᠂ ᠨᠠᠩᠭᠢ ᠴᠠᠭᠠᠨ᠂ ᠨᠠᠷᠢᠮᠤ ᠵᠡᠷᠭᠡ ᠢᠳᠡᠭᠡᠨ᠎ᠢ ᠢᠯᠡᠭᠦᠬᠡᠨ ᠢᠳᠡᠪᠡᠯ ᠳᠡᠯᠢᠭᠦᠦ᠍ᠪᠠᠨ ᠰᠠᠢᠵᠢᠷᠠᠭᠤᠯᠬᠤ᠎ᠳᠤ ᠠᠰᠢᠭᠲᠠᠢ᠃
ᠬᠤᠷ᠎ᠠ ᠤᠰᠤ᠎ᠶᠢᠨ ᠬᠤᠭᠤᠴᠠᠭᠠᠨ᠎ᠳᠤ ᠪᠠᠰᠠ ᠬᠠᠪᠤᠷ᠎ᠤᠨ ᠬᠦᠢᠲᠡᠨ᠎ᠡᠴᠡ ᠰᠡᠷᠭᠡᠢ᠍ᠯᠡᠬᠦ᠌ ᠬᠡᠷᠡᠭ᠌ᠲᠡᠢ᠃ ᠤᠴᠢᠷ ᠨᠢ ᠬᠠᠪᠤᠷ᠎ᠤᠨ ᠡᠬᠢᠨ᠎ᠤ ᠪᠣᠷᠣᠭᠠᠨ᠎ᠠᠴᠠ ᠪᠣᠯᠵᠣ ᠠᠭᠠᠷ᠎ᠤᠨ ᠳᠤᠯᠠᠭᠠᠨ ᠭᠡᠨᠡᠳᠲᠡ ᠳᠣᠷᠣᠭ᠍ᠰᠢᠯᠠᠳᠠᠭ᠂ ᠡᠨᠡ ᠨᠢ ᠢᠯᠠᠩᠭᠤᠶ᠎ᠠ ᠨᠠᠰᠤᠲᠠᠢᠴᠤᠳ ᠪᠣᠯᠤᠨ ᠬᠡᠦᠬᠡᠳ᠎ᠦᠨ ᠪᠡᠶ᠎ᠡ ᠮᠠᠬᠠᠪᠣᠳ᠎ᠤᠨ ᠡᠷᠡᠭᠦᠯ ᠮᠡᠨᠳᠦ᠍᠎ᠳᠦ ᠨᠡᠯᠢᠶᠡᠳ ᠶᠡᠬᠡ ᠰᠦᠷᠳᠡᠭᠦᠯᠦᠯ ᠪᠣᠯᠳᠠᠭ ᠪᠠᠢᠨ᠎ᠠ᠃ ᠳᠤᠯᠠᠭᠠᠨ᠎ᠤ ᠬᠡᠮᠵᠢᠶ᠎ᠡ ᠭᠡᠨᠡᠳᠲᠡ ᠳᠣᠷᠣᠭ᠍ᠰᠢᠯᠠᠬᠤᠶᠢ ᠳᠠᠭᠠᠯᠳᠤᠨ ᠨᠠᠰᠤᠲᠠᠢᠴᠤᠳ᠎ᠤᠨ ᠴᠢᠰᠤᠨ ᠳᠠᠷᠤᠯᠲᠠ ᠢᠯᠡᠷᠬᠡᠶ ᠳᠡᠭᠡᠭ᠌ᠰᠢᠯᠡᠵᠦ᠍᠂ ᠵᠢᠷᠦᠬᠡᠨ ᠡᠪᠡᠳᠴᠢᠨ᠂ ᠵᠢᠷᠦᠬᠡᠨ ᠪᠤᠯᠴᠢᠩ᠎ᠤᠨ ᠲᠦᠭ᠌ᠵᠢᠷᠡᠯ ᠵᠡᠷᠭᠡ ᠡᠪᠡᠳᠴᠢᠨ᠎ᠢ ᠠᠮᠠᠷᠬᠠᠨ ᠡᠭᠦᠰᠭᠡᠳᠡᠭ; ᠬᠡᠦᠬᠡᠳ᠎ᠤᠳ ᠳᠤᠯᠠᠭᠠᠨ᠎ᠤ ᠬᠤᠪᠢᠷᠠᠯᠲᠠ᠎ᠠᠴᠠ ᠪᠣᠯᠵᠤ ᠠᠮᠠᠷᠬᠠᠨ ᠠᠮᠢᠰᠭᠤᠯ᠎ᠤᠨ ᠱᠢᠰᠲ᠋ᠧᠮ᠎ᠦᠨ ᠡᠪᠡᠳᠴᠢᠨ ᠣᠯᠵᠤ᠂ ᠬᠢᠮᠤᠷᠠᠬᠤ ᠪᠤᠶᠤ ᠬᠠᠯᠠᠭᠤᠷᠠᠳᠠᠭ᠃ ᠡᠢᠮᠦ᠍᠎ᠡᠴᠡ ᠬᠠᠪᠤᠷ᠎ᠤᠨ ᠤᠯᠠᠷᠢᠯ᠎ᠳᠤ ᠳᠤᠯᠠᠭᠠᠯᠠᠬᠤ᠎ᠶ᠋ᠢ ᠰᠠᠢᠲᠤᠷ ᠠᠩᠬᠠᠷᠴᠤ᠌᠂ ᠬᠤᠪᠴᠠᠰᠤ ᠬᠤᠨᠠᠷ᠎ᠢᠶᠠᠨ ᠳᠡᠩᠳᠡᠭᠦᠦ ᠡᠷᠲᠡ ᠨᠢᠮᠭᠡᠯᠡᠵᠦ ᠪᠣᠯᠬᠤ ᠥᠬᠡᠶ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄ ᠵᠤᠯᠠ




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃