2022-02-18 22:03:31
ᠬᠤᠷ᠎ᠠ ᠪᠤᠷᠤᠭᠠᠨ ᠤᠷᠤᠭᠰᠠᠭᠠᠷ ᠡᠬᠡ ᠭᠠᠵᠠᠷ᠎ᠲᠤ ᠰᠢᠮ᠎ᠡ ᠨᠡᠮᠡᠵᠦ᠂ ᠲᠦᠮᠡᠨ ᠪᠣᠳᠠᠰ ᠠᠮᠢᠯᠠᠳᠠᠭ᠃ ᠡᠢᠮᠦ᠎ᠡᠴᠡ ᠬᠤᠷ᠎ᠠ ᠤᠰᠤ᠎ᠶᠢᠨ ᠴᠠᠭ ᠤᠯᠠᠷᠢᠯ ᠨᠢ ᠴᠤ᠌ ᠬᠥᠮᠥᠰ᠎ᠤᠨ ᠰᠡᠳᠬᠢᠯ᠎ᠳᠤ ᠬᠦᠰᠡᠯ ᠡᠷᠡᠮᠡᠯᠵᠡᠯ ᠪᠠ ᠠᠮᠢᠯᠠᠯ᠎ᠤᠨ ᠪᠡᠯᠭᠡᠰᠢᠶᠡᠯ ᠠᠪᠴᠢᠷᠠᠳᠠᠭ᠃

ᠬᠤᠷ᠎ᠠ ᠤᠰᠤ᠎ᠶᠢᠨ ᠴᠠᠭ ᠤᠯᠠᠷᠢᠯ ᠬᠦᠷᠴᠦ ᠢᠷᠡᠬᠦ᠎ᠪᠡᠷ ᠪᠠᠰᠠ ᠤᠯᠠᠨ ᠵᠦᠢᠯ᠎ᠤᠨ ᠠᠷᠠᠳ᠎ᠤᠨ ᠵᠠᠩ ᠵᠠᠩᠰᠢᠯ ᠲᠠᠢ᠃ ᠡᠭᠦᠨ᠎ᠳᠤ ᠬᠠᠷᠢ᠎ᠳᠤ ᠮᠣᠷᠳᠠᠭ᠍ᠰᠠᠨ ᠥᠬᠢᠨ ᠲᠥᠷᠬᠥᠮᠳᠤᠪᠠᠨ ᠬᠠᠷᠢᠬᠤ ᠵᠠᠩᠰᠢᠯ ᠨᠢ ᠵᠠᠷᠢᠮ ᠨᠤᠲᠤᠭ᠎ᠲᠤ ᠣᠳᠣ ᠪᠣᠯᠲᠠᠯ᠎ᠠ ᠳᠡᠯᠭᠡᠷᠡᠭ᠌ᠰᠡᠭᠡᠷ ᠪᠢᠯᠡ᠃ ᠡᠷᠲᠡ ᠦᠶ᠎ᠡ᠎ᠳᠦ᠂ ᠬᠤᠷ᠎ᠠ ᠤᠰᠤ ᠪᠣᠯᠪᠠᠯ ᠬᠠᠷᠢ᠎ᠳᠤ ᠮᠣᠷᠳᠠᠭ᠍ᠰᠠᠨ ᠥᠬᠢᠨ ᠨᠢ ᠪᠡᠯᠡᠭ ᠰᠡᠯᠲᠡ ᠠᠪᠴᠤ᠌ ᠲᠥᠷᠬᠥᠮ᠎ᠳᠡᠭᠡᠨ ᠬᠠᠷᠢᠵᠤ ᠠᠪᠤ ᠡᠵᠢ᠎ᠪᠡᠨ ᠡᠷᠭᠢᠵᠦ᠍ ᠦᠵᠡᠳᠡᠭ᠂ ᠦᠷ᠎ᠡ ᠬᠡᠦᠬᠡᠳ ᠲᠡᠶ ᠪᠣᠯᠤᠭᠰᠠᠨ ᠬᠤᠢᠨ᠎ᠠ ᠨᠡᠩ 《ᠯᠠᠵᠠᠯᠠᠭᠰᠠᠨ ᠮᠢᠬ᠎ᠠ》 ᠠᠪᠴᠤ᠌᠂ ᠠᠪᠤ ᠡᠵᠢ᠎ᠶ᠋ᠢᠨ᠎ᠢᠶᠡᠨ ᠥᠰᠭᠡᠨ ᠬᠥᠮᠦᠵᠢᠭᠦᠯᠦᠭ᠌ᠰᠡᠨ ᠠᠴᠢ᠎ᠳᠤ ᠲᠠᠯᠠᠷᠬᠠᠳᠠᠭ ᠪᠠᠢᠵᠠᠢ; ᠬᠡᠦᠬᠡᠨ ᠨᠢ ᠳᠥᠷᠬᠥᠮᠳᠤᠪᠠᠨ ᠬᠠᠷᠢᠪᠠᠯ ᠬᠦᠷᠭᠡᠨ ᠨᠢ ᠪᠠᠷ᠎ᠠ ᠪᠤᠯᠬᠤ ᠮᠦᠷᠲᠡᠭᠡᠨ ᠪᠡᠯᠡᠭ ᠲᠠᠢ ᠤᠴᠢᠬᠤ ᠬᠡᠷᠡᠭᠲᠡᠢ᠂ ᠪᠡᠯᠡᠭ᠎ᠦᠨ ᠡᠳ᠋ ᠨᠢ ᠶᠡᠷᠦ᠍᠎ᠳᠡᠭᠡᠨ ᠤᠯᠠᠭᠠᠨ ᠪᠦᠴᠡ ᠤᠷᠢᠶᠠᠭᠰᠠᠨ ᠬᠣᠶᠠᠷ ᠲᠡᠩᠰᠡᠨ ᠰᠠᠨᠳᠠᠯᠢ ᠪᠠᠢᠵᠤ᠂ ᠬᠠᠳᠠᠮ ᠠᠪᠤ ᠡᠵᠢ᠎ᠶᠢᠨ᠎ᠢᠶᠡᠨ ᠤᠷᠳᠤ ᠨᠠᠰᠤᠯᠠᠵᠤ ᠤᠳᠠᠭᠠᠨ ᠵᠢᠷᠭᠠᠬᠤ᠎ᠶᠢ ᠵᠦᠩᠨᠡᠭᠰᠡᠨ ᠵᠦᠩᠨᠡᠯ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄ ᠵᠤᠯᠠ




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃