24ᠴᠠᠭ ᠤᠯᠠᠷᠢᠯ > ᠢᠴᠡᠭᠰᠡᠳ ᠬᠦᠳᠡᠯᠬᠦ

2022-03-05 10:33:17

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠢᠴᠡᠭᠰᠡᠳ ᠬᠦᠳᠡᠯᠬᠦ ᠨᠢ ᠪᠠᠢᠭᠠᠯᠢ᠎ᠶ᠋ᠢᠨ ᠠᠮᠢᠳᠤ ᠪᠣᠳᠠᠰ ᠬᠡᠮᠨᠡᠯ᠎ᠦᠨ ᠬᠤᠪᠢᠷᠠᠯᠲᠠ᠎ᠠᠴᠠ ᠡᠭᠦᠰᠴᠦ᠍ ᠤᠷᠭᠤᠬᠤ ᠦᠵᠡᠭ᠌ᠳᠡᠯ᠎ᠢ ᠲᠤᠰᠬᠠᠨ᠎ᠠ᠃ ᠢᠴᠡᠭᠰᠡᠳ ᠬᠦᠳᠡᠯᠦᠭᠰᠡᠨ᠎ᠤ ᠳᠠᠷᠠᠭ᠎ᠠ ᠬᠤᠷ᠎ᠠ ᠪᠣᠷᠣᠭᠠᠨ ᠠᠭᠠᠵᠢᠮ᠎ᠢᠶᠡᠷ ᠤᠯᠠᠰᠢᠷᠠᠬᠤ ᠪᠤᠯᠬᠤᠷ ᠲᠠᠷᠢᠶᠠᠨ᠎ᠤ ᠭᠤᠤ ᠭᠠᠷᠭᠠᠬᠤ ᠤᠰᠤ ᠵᠠᠯᠠᠬᠤ ᠠᠵᠢᠯ ᠎ᠢ ᠰᠠᠢᠲᠤᠷ ᠬᠢᠵᠦ᠂ ᠬᠠᠪᠤᠷ᠎ᠤᠨ ᠲᠠᠷᠢᠮᠠᠯ ᠪᠣᠯᠤᠨ ᠢᠳᠡᠱᠢᠨ ᠨᠣᠭᠣᠭ᠎ᠠ ᠳᠠᠷᠢᠬᠤ ᠪᠡᠯᠡᠳᠭᠡᠯ ᠵᠢᠡᠨ ᠬᠦᠢᠴᠡᠳ ᠬᠢᠬᠦ᠌ ᠬᠡᠷᠡᠭ᠌ᠲᠡᠶ᠃

ᠨᠢᠭᠡ᠂ ᠡᠷᠲᠡ᠎ᠶ᠋ᠢᠨ ᠲᠤᠲᠤᠷᠭ᠎ᠠ

ᠲᠤᠬᠠᠶ᠎ᠶ᠋ᠢᠨ ᠭᠠᠵᠠᠷ᠎ᠤᠨ ᠳᠠᠷᠢᠬᠤ ᠬᠤᠭᠤᠴᠠᠭ᠎ᠠ᠎ᠲᠠᠶ ᠤᠶᠠᠯᠳᠤᠭᠤᠯᠤᠨ ᠬᠦᠶ᠋ᠲᠡᠨ ᠠᠭᠠᠷ ᠢᠷᠡᠬᠦ ᠦᠶᠡᠰ ᠲᠦᠷ ᠴᠠᠭ ᠦᠷ᠎ᠡ ᠳᠡᠪᠲᠦᠭᠡᠵᠦ᠍ ᠰᠣᠶᠣᠭᠠᠯᠠᠭᠤᠯᠤᠨ᠎ᠠ᠃ ᠲᠤᠩᠭᠠᠯᠠᠭ ᠡᠳᠦᠷ ᠳᠠᠷᠢᠵᠤ᠂ ᠳᠠᠷᠢᠭ᠍ᠰᠠᠨ᠎ᠤ ᠳᠠᠷᠠᠭ᠎ᠠ ᠲᠠᠷᠢᠶᠠᠨ᠎ᠤ ᠬᠠᠮᠢᠶᠠᠷᠤᠯᠲᠠ᠎ᠪᠠᠨ ᠴᠢᠩᠭᠠᠳᠭᠠᠨ᠎ᠠ᠃ ᠬᠦᠢᠲᠡᠨ ᠠᠭᠠᠷ ᠢᠷᠡᠬᠦ᠌᠎ᠡᠴᠡ ᠡᠮᠦᠨ᠎ᠡ ᠴᠠᠭ ᠲᠤᠬᠠᠶ᠎ᠳᠤᠨᠢ ᠨᠢᠮᠭᠡᠨ ᠪᠦᠷᠬᠦᠭᠦᠯ ᠪᠦᠷᠬᠦᠵᠦ᠂ ᠤᠰᠤᠯᠠᠬᠤ ᠬᠡᠷᠡᠭ᠌ᠲᠡᠶ᠃

ᠬᠣᠶᠠᠷ᠂ ᠬᠠᠪᠤᠷ᠎ᠤᠨ ᠡᠷᠳᠡᠨᠢ ᠱᠢᠰᠢ

ᠬᠠᠪᠤᠷ᠎ᠤᠨ ᠡᠷᠳᠡᠨᠢ ᠱᠢᠰᠢ᠎ᠵᠢ ᠶᠡᠷᠦ᠍ ᠎ᠳᠡᠭᠡᠨ ᠢᠴᠡᠭᠰᠡᠳ ᠬᠦᠳᠡᠯᠬᠦ ᠡᠴᠡ ᠬᠠᠩᠰᠢ ᠪᠣᠯᠲᠠᠯ᠎ᠠ ᠲᠠᠷᠢᠪᠠᠯ ᠲᠣᠬᠢᠷᠠᠮᠵᠢᠲᠠᠶ᠃ ᠬᠠᠪᠤᠷ ᠎ᠤᠨ ᠡᠷᠳᠡᠨᠢ ᠱᠢᠰᠢ ᠎ᠶ᠋ᠢ ᠳᠠᠷᠢᠬᠤ᠎ᠠᠴᠠ ᠡᠮᠦᠨ᠎ᠡ ᠦᠷ᠎ᠡ᠎ᠵᠢ ᠡᠭᠡᠭᠡᠪᠡᠯ ᠦᠷ᠎ᠡ᠎ᠶ᠋ᠢᠨ ᠨᠠᠬᠢᠶᠠᠯᠠᠬᠤ ᠨᠣᠷᠮ᠎ᠠ᠎ᠶ᠋ᠢ ᠳᠡᠭᠡᠭ᠌ᠰᠢᠯᠡᠭᠦᠯᠵᠦ᠍ ᠴᠢᠳᠠᠨ᠎ᠠ᠃

ᠭᠤᠷᠪᠠ᠂ ᠬᠠᠪᠤᠷ᠎ᠤᠨ ᠲᠥᠮᠥᠰᠥ᠍

ᠶᠡᠷᠦ᠍᠎ᠳᠡᠭᠡᠨ 2 ᠰᠠᠷ᠎ᠠ᠎ᠶ᠋ᠢᠨ ᠡᠬᠢᠨ᠂ 2 ᠰᠠᠷ᠎ᠠ ᠎ᠶ᠋ᠢᠨ ᠳᠤᠮᠳᠠᠴᠢ ᠪᠡᠷ ᠳᠠᠷᠢᠵᠤ᠂ 3 ᠰᠠᠷ᠎ᠠ᠎ᠶ᠋ᠢᠨ ᠳᠡᠭᠡᠷ᠎ᠡ ᠬᠠᠭᠠᠰ᠎ᠢᠶᠠᠷ ᠴᠢᠬᠢ ᠭᠠᠷᠤᠭ᠍ᠰᠠᠨ ᠎ᠤ ᠳᠠᠷᠠᠭ᠎ᠠ ᠳᠠᠷᠤᠢᠬᠠᠨ ᠴᠢᠬᠢ᠎ᠶ᠋ᠢ ᠨᠢ ᠳᠠᠷᠠᠭᠠᠯᠠᠨ ᠪᠠᠢᠴᠠᠭᠠᠵᠤ᠂ ᠴᠢᠬᠢ ᠨᠥᠬᠥᠪᠥᠷᠢᠯᠡᠨ᠎ᠡ᠃

ᠳᠥᠷᠪᠡ᠂ ᠬᠠᠪᠤᠷ᠎ᠤᠨ ᠱᠢᠷ᠎ᠠ ᠪᠤᠷᠴᠠᠭ

3ᠰᠠᠷ᠎ᠠ ᠪᠣᠯ ᠬᠠᠪᠤᠷ᠎ᠤᠨ ᠱᠢᠷ᠎ᠠ ᠪᠤᠷᠴᠠᠭ ᠳᠠᠷᠢᠬᠤ ᠬᠠᠮᠤᠭ᠎ᠤᠨ ᠰᠠᠢᠨ ᠬᠤᠭᠤᠴᠠᠭ᠎ᠠ ᠪᠣᠯᠤᠨ᠎ᠠ᠂ ᠡᠳᠦᠷ᠎ᠦᠨ ᠳᠤᠮᠳᠠᠴᠢ ᠠᠭᠠᠷ ᠎ᠤᠨ ᠳᠤᠯᠠᠭᠠᠨ 10°C ᠡᠴᠡ ᠳᠡᠭᠡᠭ᠌ᠰᠢ ᠭᠦᠷᠪᠡᠯ ᠬᠠᠪᠤᠷ ᠎ᠤᠨ ᠱᠢᠷ᠎ᠠ ᠪᠤᠷᠴᠠᠭ ᠳᠠᠷᠢᠵᠤ ᠪᠣᠯᠤᠨ᠎ᠠ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄ ᠪᠠᠢ ᠵᠢᠩ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面