2022-03-05 10:26:07
ᠢᠴᠡᠭᠰᠡᠳ ᠬᠦᠳᠡᠯᠬᠦ ᠪᠣᠯ ᠬᠠᠪᠤᠷ᠎ᠤᠨ ᠤᠯᠠᠷᠢᠯ᠎ᠤᠨ ᠭᠤᠷᠪᠠᠳᠤᠭᠠᠷ ᠴᠠᠬ ᠤᠯᠠᠷᠢᠯ ᠪᠤᠯᠤᠨ᠎ᠠ᠃ ᠢᠴᠡᠭᠰᠡᠳ ᠬᠦᠳᠡᠯᠬᠦ ᠦᠶ᠎ᠡ᠎ᠳᠦ ᠮᠠᠨ᠎ᠤ ᠤᠯᠤᠰ᠎ᠤᠨ ᠳᠤᠮᠳᠠᠴᠢ ᠠᠭᠠᠷ᠎ᠤᠨ ᠳᠤᠯᠠᠭᠠᠨ 16—18°C ᠲᠤ᠌ ᠭᠥᠷᠳᠡᠭ᠃
ᠢᠴᠡᠭᠰᠡᠳ ᠬᠦᠳᠡᠯᠬᠦ᠎ᠵᠢᠨ ᠣᠨᠴᠠᠯᠢᠭ᠄
ᠠᠭᠤᠷ ᠠᠮᠢᠰᠭᠤᠯ᠎ᠤᠨ ᠵᠢᠮ᠎ᠡ ᠶᠣᠰᠣ᠎ᠶ᠋ᠢ ᠦᠨᠳᠦᠰᠦᠯᠡᠪᠡᠯ᠂ ᠢᠴᠡᠭᠰᠡᠳ ᠬᠦᠳᠡᠯᠬᠦ ᠡᠮᠦᠨ᠎ᠡ ᠬᠣᠢᠨ᠎ᠠ ᠪᠡᠷ ᠡᠯ᠎ᠡ ᠭᠠᠵᠠᠷ᠎ᠤᠨ ᠠᠭᠤᠷ ᠠᠮᠢᠰᠭᠤᠯ ᠳᠤᠯᠠᠭᠠᠷᠠᠵᠤ ᠡᠬᠢᠯᠡᠭᠦ ᠪᠥᠭᠡᠳ ᠬᠠᠪᠤᠷ᠎ᠤᠨ ᠠᠶᠤᠩᠭ᠎ᠠ ᠠᠭᠠᠵᠢᠮ᠎ᠢᠶᠠᠷ ᠢᠯᠡᠷᠡᠵᠦ᠍᠂ ᠢᠴᠡᠭᠡᠯᠡᠭ᠌ᠰᠡᠨ ᠠᠮᠢᠲᠠᠨ ᠡᠬᠢᠯᠡᠨ ᠰᠡᠷᠭᠦᠵᠦ ᠬᠥᠷᠥᠰᠥᠨ᠎ᠡᠴᠡ ᠭᠠᠷᠴᠤ᠌ ᠬᠥᠳᠡᠯᠭᠡᠭᠡᠨ ᠬᠢᠳᠡᠭ᠃ ᠪᠣᠷᠣᠭᠠᠨ᠎ᠤ ᠤᠰᠤ ᠠᠭᠠᠵᠢᠮ᠎ᠢᠶᠠᠷ ᠨᠡᠮᠡᠭᠳᠡᠳᠡᠭ ᠡᠴᠡ ᠬᠠᠪᠤᠷ᠎ᠤᠨ ᠲᠠᠷᠢᠶᠠᠯᠠᠭ᠎ᠠ ᠳ᠋ᠤ ᠠᠱᠢᠭ᠍ᠲᠠᠢ᠃
ᠢᠴᠡᠭᠰᠡᠳ ᠬᠦᠳᠡᠯᠬᠦ ᠦᠶ᠎ᠡ ᠳ᠋ᠤ ᠪᠡᠶ᠎ᠠ ᠰᠤᠪᠢᠯᠠᠬᠤ ᠡᠲᠡᠭᠡᠷ ᠵᠦᠢᠯᠡᠰ᠎ᠢ ᠠᠩᠬᠠᠷᠤᠭᠠᠷᠠᠢ᠃

ᠨᠢᠭᠡ᠂ ᠬᠦᠢᠲᠡᠨ᠎ᠢ ᠰᠡᠷᠭᠡᠢᠯᠡᠵᠦ᠍ ᠳᠤᠯᠠᠭᠠᠯᠠᠬᠤ ᠬᠡᠷᠡᠭ᠌ᠲᠡᠶ
ᠢᠴᠡᠭᠰᠡᠳ ᠬᠦᠳᠡᠯᠬᠦ ᠦᠶ᠎ᠡ᠎ᠳᠦ ᠠᠷᠭ᠎ᠠ ᠠᠭᠤᠷ ᠠᠭᠠᠵᠢᠮ᠎ᠢᠶᠠᠷ ᠡᠭᠦᠰᠴᠦ᠍᠂ ᠠᠭᠤᠷ ᠠᠮᠢᠰᠭᠤᠯ ᠡᠳᠦᠷ ᠢᠷᠡᠬᠦᠶ᠎ᠡ ᠳᠤᠯᠠᠭᠠᠷᠠᠨᠠ᠂ ᠭᠡᠪᠡᠴᠦ᠍ ᠤᠮᠠᠷᠠᠲᠤ ᠣᠷᠣᠨ᠎ᠤ ᠬᠦᠶ᠋ᠲᠡᠨ ᠠᠭᠠᠷ ᠮᠥᠨ ᠯᠡ ᠨᠡᠯᠢᠶᠡᠳ ᠴᠢᠩᠭ᠎ᠠ ᠪᠠᠢᠵᠤ᠂ ᠠᠭᠤᠷ ᠠᠮᠢᠰᠭᠤᠯ᠎ᠤᠨ ᠬᠤᠪᠢᠷᠠᠯᠲᠠ ᠶᠡᠬᠡ ᠮᠥᠷᠲᠡᠭᠡᠨ ᠡᠷᠳᠡ ᠣᠷᠣᠶ ᠪᠠ ᠦᠳᠡ᠎ᠶ᠋ᠢᠨ ᠳᠤᠯᠠᠭᠠᠨ᠎ᠤ ᠵᠥᠷᠢᠶ᠎ᠡ ᠮᠠᠰᠢ ᠶᠡᠬᠡ ᠤᠴᠢᠷ᠎ᠡᠴᠡ ᠬᠡᠲᠦ ᠡᠷᠲᠡ ᠵᠤᠵᠠᠭᠠᠨ ᠬᠤᠪᠴᠠᠰᠤ ᠬᠤᠨᠠᠷ᠎ᠢᠶᠠᠨ ᠲᠠᠢᠯᠵᠤ ᠪᠣᠯᠬᠤ ᠥᠬᠡᠶ᠃

ᠬᠣᠶᠠᠷ᠂ ᠲᠠᠭ᠍ᠰᠢᠭᠤᠷ ᠢ ᠤᠷᠢᠳᠴᠢᠯᠠᠨ ᠰᠡᠷᠭᠡᠢᠯᠡᠭᠦ ᠬᠡᠷᠡᠭᠲᠡᠢ
ᠢᠴᠡᠭᠰᠡᠳ ᠬᠦᠳᠡᠯᠦᠭᠰᠡᠨᠤ ᠳᠠᠷᠠᠭᠠᠬᠢ ᠠᠭᠤᠷ ᠠᠮᠢᠰᠭᠤᠯ ᠢᠯᠡᠷᠬᠡᠢ ᠳᠤᠯᠠᠭᠠᠷᠠᠵᠤ᠂ ᠡᠯ᠎ᠡ ᠵᠦᠢᠯ ᠦᠨ ᠠᠮᠢᠲᠠᠨ ᠡᠬᠢᠯᠡᠨ ᠬᠥᠳᠡᠯᠭᠡᠭᠡᠨ ᠬᠢᠬᠦ᠌ ᠪᠡᠷ ᠪᠠᠷᠠᠬᠤ ᠦᠭᠡᠢ᠂ ᠮᠢᠺᠷᠣᠪ ( ᠡᠪᠡᠳᠴᠢᠨ ᠡᠭᠦᠰᠭᠡᠬᠦ᠌ ᠪᠠᠺᠲ᠋ᠧᠷᠢ᠂ ᠸᠢᠷᠦ᠋ᠰ ᠢ ᠪᠠᠭ᠍ᠲᠠᠭᠠᠨ᠎ᠠ ) ᠪᠠᠰᠠ ᠡᠬᠢᠯᠡᠨ ᠦᠷᠡᠵᠢᠵᠦ᠍᠂ ᠡᠯ᠎ᠡ ᠵᠦᠢᠯ ᠦᠨ ᠬᠠᠯᠳᠠᠪᠤᠷᠢᠲᠤ ᠡᠪᠡᠳᠴᠢᠨ ᠡᠬᠢᠯᠡᠨ ᠳᠡᠯᠭᠡᠷᠡᠨ᠎ᠡ᠃
ᠲᠤᠰᠭᠠᠶ ᠮᠡᠷᠭᠡᠵᠢᠯᠲᠡᠨ᠎ᠤ ᠰᠠᠨᠠᠭᠤᠯᠤᠭ᠍ᠰᠠᠨ ᠨᠢ᠂ ᠴᠠᠭ ᠠᠭᠤᠷ᠎ᠤᠨ ᠤᠷᠢᠳᠴᠢᠯᠠᠬᠰᠠᠨ ᠮᠡᠳᠡᠬᠡᠵᠢ ᠨᠢᠬᠳᠠ ᠠᠩᠬᠠᠷᠴᠤ᠌᠂ ᠬᠦᠶ᠋ᠲᠡᠨ ᠬᠠᠯᠠᠭᠤᠨ ᠤ ᠬᠤᠪᠢᠷᠠᠯᠲᠠ᠎ᠶ᠋ᠢ ᠠᠩᠬᠠᠷᠦᠨ᠂ ᠲᠠᠭ᠍ᠰᠢᠭᠤᠷ ᠪᠠ ᠵᠢᠷᠦᠬᠡ ᠲᠠᠷᠢᠬᠢ ᠴᠢᠰᠤᠨ ᠰᠤᠳᠠᠯ᠎ᠤᠨ ᠡᠪᠡᠳᠴᠢᠨ ᠡᠭᠦᠰᠭᠦ᠎ᠡᠴᠡ ᠰᠡᠷᠭᠡᠢᠯᠡᠬᠦ᠌ ᠬᠡᠷᠡᠭ᠌ᠲᠡᠶ᠃ ᠣᠳᠣ ᠦᠶ᠎ᠡ᠎ᠶ᠋ᠢᠨ ᠲᠠᠬᠤᠯ ᠡᠪᠡᠳᠴᠢᠨ᠎ᠦ ᠰᠤᠳᠤᠯᠤᠯ᠎ᠤᠨ ᠪᠠᠢᠴᠠᠭᠠᠯᠲᠠ᠎ᠳᠤ᠂ ᠬᠠᠪᠤᠷ ᠪᠣᠯ ᠡᠯᠢᠭᠡᠨ ᠡᠪᠡᠳᠴᠢᠨ ᠣᠯᠠᠨ ᠡᠭᠦᠰᠭᠦ ᠤᠯᠠᠷᠢᠯ ᠪᠣᠯᠬᠣᠷ ᠡᠯᠢᠭᠡ᠎ᠶ᠋ᠢ ᠲᠡᠵᠢᠭᠡᠬᠦ᠌᠂ ᠡᠯᠢᠭᠡ ᠶ᠋ᠢᠨ ᠬᠠᠮᠠᠭᠠᠯᠠᠯᠳᠠ ᠵᠢ ᠠᠩᠬᠠᠷᠴᠤ᠌᠂ ᠬᠠᠪᠤᠷ᠎ᠤᠨ ᠤᠯᠠᠷᠢᠯ᠎ᠤᠨ ᠬᠠᠯᠳᠠᠪᠤᠷᠢᠲᠤ ᠡᠪᠡᠳᠴᠢᠨ ᠳᠡᠯᠭᠡᠷᠡᠬᠦ᠌᠎ᠡᠴᠡ ᠰᠡᠷᠭᠡᠢᠯᠡᠬᠦ᠌ ᠬᠡᠷᠡᠭ᠌ᠲᠡᠢ᠃

ᠭᠤᠷᠪᠠ᠂ ᠮᠢᠬ᠎ᠠ ᠲᠤᠰᠤ ᠴᠦᠭᠡᠨ᠂ ᠠᠮᠠᠷᠬᠠᠨ ᠰᠢᠩᠬᠡᠬᠡᠬᠦ ᠢᠳᠡᠭᠡᠨ ᠢᠳᠡᠪᠡᠯ ᠵᠤᠬᠢᠨ᠎ᠠ
ᠬᠠᠪᠤᠷ᠎ᠤᠨ ᠤᠯᠠᠷᠢᠯ ᠳ᠋ᠤ ᠠᠭᠤᠷ ᠠᠮᠢᠰᠭᠤᠯ ᠬᠠᠭᠤᠷᠠᠶ ᠤᠴᠢᠷ ᠡᠴᠡ ᠠᠮᠠᠷᠬᠠᠨ ᠠᠮᠠ ᠬᠠᠳᠠᠵᠤ ᠬᠠᠨᠢᠶᠠᠯᠭᠠᠨ᠎ᠠ᠃ ᠠᠷᠠᠳ᠎ᠤᠨ ᠳᠤᠮᠳᠠ ᠶᠡᠷᠦ᠍ ᠨᠢ ᠢᠴᠡᠭᠰᠡᠳ ᠬᠦᠳᠡᠯᠬᠦ ᠪᠡᠷ ᠠᠯᠢᠮ᠎ᠠ ᠢᠳᠡᠬᠦ᠌ ᠵᠠᠩᠱᠢᠯ᠎ᠲᠠᠶ ᠪᠠᠢᠳᠠᠬ᠃ ᠲᠤᠰᠭᠠᠶ ᠮᠡᠷᠭᠡᠵᠢᠯᠲᠡᠨ ᠦ ᠬᠡᠯᠡᠬᠦ᠌ ᠪᠡᠷ᠂ ᠲᠦᠭᠦᠬᠡᠶ ᠠᠯᠢᠮ᠎ᠠ ᠨᠢ ᠠᠭᠤᠰᠭᠢ᠎ᠶ᠋ᠢ ᠰᠢᠮᠡᠵᠢᠬᠦᠯᠵᠦ ᠬᠠᠨᠢᠶᠠᠳᠤ᠎ᠶ᠋ᠢ ᠵᠣᠭ᠍ᠰᠣᠭᠠᠬᠤ᠂ ᠪᠢᠯᠢᠭ᠎ᠢ ᠱᠢᠮᠡᠵᠢᠭᠦᠯᠵᠦ᠍ ᠬᠠᠯᠠᠭᠤᠨ᠎ᠢ ᠠᠷᠢᠯᠭᠠᠬᠤ ᠦᠶ᠋ᠯᠡᠳᠦᠯ᠎ᠲᠡᠶ᠃ ᠡᠭᠦᠨ᠎ᠡᠴᠡ ᠭᠠᠳᠠᠨ᠎ᠠ᠂ ᠬᠠᠨᠢᠶᠠᠵᠤ ᠪᠠᠢᠭ᠎ᠠ ᠡᠪᠡᠳᠴᠢᠲᠡᠨ ᠪᠠᠰᠠ ᠯᠢᠩᠬᠤ᠎ᠠ᠎ᠶ᠋ᠢᠨ ᠦᠷ᠎ᠡ᠂ ᠡᠯᠵᠢᠭᠡᠨ ᠴᠢᠬᠢ᠂ ᠠᠷᠬᠠᠳ ᠵᠢᠮᠢᠰ ᠵᠡᠷᠭᠡ ᠢᠳᠡᠭᠡᠨ ᠢᠳᠡᠵᠦ᠍ ᠪᠣᠯᠤᠨ᠎ᠠ᠃ ᠮᠢᠬ᠎ᠠ ᠲᠣᠰᠣ ᠶᠡᠬᠡᠳᠡᠢ ᠢᠳᠡᠭᠡᠨ᠂ ᠯᠠᠵᠤᠤ᠂ ᠰᠣᠩᠭᠢᠨ᠎ᠠ᠂ ᠰᠠᠷᠢᠮᠰᠠᠭ᠂ ᠬᠤᠤᠵᠤᠤ ᠵᠡᠷᠭᠡ᠎ᠶ᠋ᠢ ᠪᠠᠭ᠎ᠠ ᠢᠳᠡᠪᠡᠯ ᠵᠣᠬᠢᠨ᠎ᠠ᠃ ᠡᠭᠦᠨ᠎ᠡᠴᠡ ᠭᠠᠳᠠᠨ᠎ᠠ᠂ ᠬᠠᠪᠤᠷ᠎ᠤᠨ ᠤᠯᠠᠷᠢᠯ᠎ᠳᠤ ᠡᠯᠢᠬᠡᠨ ᠬᠡᠶ ᠬᠥᠭ᠌ᠵᠢᠩᠭᠦᠶ ᠪᠣᠯ ᠠᠮᠠᠷᠬᠠᠨ ᠳᠡᠯᠢᠭᠦᠦ᠍ ᠶ᠋ᠢ ᠭᠡᠮᠲᠦᠭᠡᠨ᠎ᠡ᠂ ᠡᠢᠮᠦ᠍᠎ᠡᠴᠡ ᠢᠴᠡᠭᠰᠡᠳ ᠬᠦᠳᠡᠯᠬᠦ ᠤᠯᠠᠷᠢᠯ᠎ᠳᠤ ᠬᠦᠴᠢᠯᠯᠢᠭ ᠴᠢᠨᠠᠷᠲᠠᠢ ᠢᠲᠡᠬᠡᠨ ᠳᠤᠲᠠᠭᠤ ᠢᠳᠡᠵᠦ᠍᠂ ᠴᠢᠪᠠᠭ᠎ᠠ᠂ ᠨᠠᠩᠭᠢ ᠴᠠᠭᠠᠨ ᠵᠡᠷᠭᠡ ᠱᠢᠬᠢᠷᠯᠢᠭ ᠢᠳᠡᠭᠡᠨ ᠢᠯᠡᠭᠦᠦ ᠢᠳᠡᠵᠦ᠍ ᠳᠡᠯᠢᠭᠦᠦ᠍ ᠪᠠᠨ ᠱᠢᠮᠡᠵᠢᠭᠦᠯᠵᠦ᠍ ᠪᠤᠯᠤᠨ᠎ᠠ᠃

ᠳᠥᠷᠪᠡ᠂ ᠬᠦᠳᠡᠯᠭᠡᠭᠡᠨ ᠳ᠋ᠤ ᠤᠷᠤᠯᠴᠠᠨ ᠪᠡᠶ᠎ᠡ ᠪᠠᠨ ᠴᠢᠭᠢᠷᠠᠭ᠍ᠵᠢᠭᠤᠯᠤᠨᠠ
ᠡᠪᠦᠯ᠎ᠦᠨ ᠤᠯᠠᠷᠢᠯ᠎ᠳᠤ ᠬᠦᠳᠡᠯᠭᠡᠭᠡᠨ ᠲᠤᠲᠠᠬᠲᠠᠬᠰᠠᠨ ᠡᠴᠡ ᠪᠢᠳᠡᠨ᠎ᠤ ᠪᠡᠶ᠎ᠡ ᠮᠠᠬᠠᠪᠤᠳ ᠬᠠᠲᠠᠭᠤ ᠬᠥᠱᠢᠭᠦᠨ ᠪᠠᠢᠲᠠᠬ᠃ ᠳᠣᠲᠣᠷ᠎ᠠ ᠡᠷᠬᠡᠲᠡᠨ᠂ ᠪᠤᠯᠴᠢᠩ ᠤᠨ ᠠᠵᠢᠯᠯᠠᠭ᠎ᠠ ᠨᠢ ᠪᠦᠷ ᠨᠡᠯᠢᠶᠡᠳ ᠳᠣᠣᠷ᠎ᠠ ᠲᠦᠪᠱᠢᠨ ᠳᠦ ᠪᠠᠢᠵᠤ᠂ ᠬᠢᠴᠢᠶᠡᠮᠵᠢ ᠦᠬᠡᠢ ᠪᠤᠯ ᠠᠮᠠᠷᠬᠠᠨ ᠬᠥᠳᠡᠯᠭᠡᠭᠡᠨ ᠦ ᠭᠡᠮᠲᠦᠯ ᠡᠭᠦᠰᠤᠨ᠎ᠠ᠃ ᠬᠠᠪᠤᠷ ᠴᠠᠬ ᠨᠢ ᠬᠦᠳᠡᠯᠭᠡᠭᠡᠨ ᠳ᠋ᠤ ᠤᠷᠤᠯᠴᠠᠨ ᠪᠡᠶ᠎ᠡ ᠪᠠᠨ ᠴᠢᠭᠢᠷᠠᠭ᠍ᠵᠢᠭᠤᠯᠵᠤ ᠮᠠᠷᠢᠶ᠎ᠠ ᠰᠢᠭᠤᠷᠠᠭᠤᠯᠬᠤ ᠲᠤᠬᠢᠳᠠᠢ ᠤᠯᠠᠷᠢᠯ ᠪᠤᠯᠤᠨ᠎ᠠ᠃ ᠬᠡᠪᠡᠴᠦ ᠱᠢᠷᠦᠭᠦᠨ ᠬᠥᠳᠡᠯᠭᠡᠭᠡᠨ ᠬᠢᠬᠦ᠌ ᠡᠴᠡ ᠡᠮᠦᠨ᠎ᠡ ᠡᠷᠬᠡᠪᠰᠢ ᠲᠠᠰᠬᠠᠯᠵᠢᠭᠤᠯᠬᠤ ᠬᠦᠳᠡᠯᠭᠡᠭᠡᠨ ᠬᠢᠵᠦ᠂ ᠪᠤᠯᠴᠢᠩ ᠮᠢᠬ᠎ᠠ ᠪᠠ ᠶᠠᠰᠤ ᠭᠡᠮᠲᠦᠬᠦ᠌ᠡᠴᠡ ᠰᠡᠷᠭᠡᠢᠯᠡᠭᠡᠷᠡᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄ ᠪᠠᠢ ᠵᠢᠩ




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃