24ᠴᠠᠭ ᠤᠯᠠᠷᠢᠯ > ᠬᠠᠪᠤᠷ᠎ᠤ᠋ᠨ ᠬᠤᠭᠤᠰ

2022-03-21 11:13:33

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3


6.jpg


ᠳᠠᠬᠢᠶᠠᠨ ᠥᠨᠳᠡᠭᠡ᠎ᠶᠢ ᠪᠤᠰᠭᠠᠵᠤ ᠵᠤᠭᠰᠤᠭᠠᠬᠤ

ᠬᠠᠭᠤᠴᠢᠨ ᠶᠠᠷᠢᠶᠠᠨ᠎ᠳᠤ᠂ ᠡᠩ ᠎ᠤᠨ ᠦᠶ᠎ᠡ᠎ᠳᠤ ᠠᠮᠠᠷᠬᠠᠨ ᠪᠤᠰᠬᠠᠵᠤ ᠳᠡᠢᠯᠳᠡᠭ ᠦᠭᠡᠢ ᠳᠠᠬᠢᠶᠠᠨ ᠥᠨᠳᠡᠭᠡ ᠎ᠶᠢ ᠬᠠᠪᠤᠷ ᠎ᠤᠨ ᠬᠤᠭᠤᠰ ᠎ᠤᠨ ᠡᠳᠦᠷ᠎ᠲᠦ ᠪᠤᠰᠬᠠᠵᠤ ᠵᠤᠭᠰᠤᠭᠠᠬᠤ ᠎ᠳᠤ ᠬᠠᠮᠤᠭ᠎ᠤᠨ ᠠᠮᠠᠷᠬᠠᠨ ᠭᠡᠨ᠎ᠡ᠃ ᠲᠡᠦᠬᠡᠨ ᠮᠠᠲ᠋ᠧᠷᠢᠶᠠᠯ ᠎ᠢ ᠦᠨᠳᠦᠰᠦᠯᠡᠪᠡᠯ᠂ ᠬᠠᠪᠤᠷ ᠎ᠤᠨ ᠬᠤᠭᠤᠰ᠎ᠤᠨ ᠡᠳᠦᠷ ᠳᠠᠬᠢᠶᠠᠨ ᠥᠨᠳᠡᠭᠡ ᠎ᠶᠢ ᠪᠤᠰᠬᠠᠵᠤ ᠵᠤᠭᠰᠤᠭᠠᠳᠠᠭ ᠤᠯᠠᠮᠵᠢᠯᠠᠯ ᠨᠢ 4000 ᠵᠢᠯ᠎ᠦᠨ ᠡᠮᠦᠨᠡᠬᠢ ᠳᠤᠮᠳᠠᠳᠤ ᠤᠯᠤᠰ᠎ᠠᠴᠠ ᠡᠭᠦᠰᠦᠯᠲᠡᠢ᠃ ᠬᠥᠮᠦᠰ ᠡᠢᠮᠦᠷᠬᠦᠦ ᠠᠵᠢᠯᠯᠠᠭ᠎ᠠ᠎ᠪᠠᠷ ᠬᠠᠪᠤᠷ ᠬᠦᠷᠴᠦ᠍ ᠢᠷᠡᠭ᠌ᠰᠡᠨ ᠎ᠢ ᠪᠡᠯᠭᠡᠯᠡᠵᠦ᠂ ᠮᠠᠨ ᠎ᠤ ᠤᠯᠤᠰ ᠎ᠤᠨ ᠮᠠᠰᠢ ᠣᠯᠠᠨ ᠭᠠᠵᠠᠷ᠎ᠲᠤ ᠳᠠᠬᠢᠶᠠᠨ ᠥᠨᠳᠡᠭᠡ ᠪᠤᠰᠭᠠᠬᠤ ᠤᠷᠤᠯᠳᠤᠭᠠᠨ ᠶᠠᠪᠤᠭᠤᠯᠵᠤ᠂ ᠬᠠᠪᠤᠷ᠎ᠤᠨ ᠬᠤᠭᠤᠰ ᠨᠢ ᠴᠤ᠌ ᠡᠨᠡ ᠬᠦ᠌ ᠳᠤᠷ᠎ᠠ ᠰᠤᠨᠢᠷᠬᠠᠯᠲᠤ ᠲᠣᠭ᠍ᠯᠠᠭᠠᠮ ᠬᠢᠬᠦ ᠬᠠᠮᠤᠭ᠎ᠤᠨ ᠰᠠᠢᠨ ᠴᠠᠭ ᠬᠤᠭᠤᠴᠠᠭ᠎ᠠ ᠪᠣᠯᠵᠠᠶ᠃


5.jpg

ᠴᠠᠭᠠᠰᠤᠨ ᠱᠢᠪᠠᠭᠤ ᠨᠢᠰᠭᠡᠬᠦ᠌

ᠬᠠᠪᠤᠷ ᠎ᠤᠨ ᠬᠤᠭᠤᠰ ᠎ᠤᠨ ᠡᠳᠦᠷ ᠴᠠᠭᠠᠰᠤᠨ ᠱᠢᠪᠠᠭᠤ ᠨᠢᠰᠭᠡᠬᠦ᠌ ᠪᠣᠯ ᠮᠠᠰᠢ ᠡᠷᠲᠡᠨ᠎ᠡᠴᠡ ᠤᠯᠠᠮᠵᠢᠯᠠᠵᠤ ᠢᠷᠡᠭᠰᠡᠨ ᠬᠠᠪᠤᠷ ᠎ᠤᠨ ᠤᠯᠠᠷᠢᠯ ᠎ᠤᠨ ᠵᠤᠭ᠎ᠠ ᠴᠡᠩᠭᠡᠯ᠎ᠦᠨ ᠬᠥᠳᠡᠯᠭᠡᠭᠡᠨ ᠪᠣᠯᠤᠨ᠎ᠠ᠃ ᠬᠠᠪᠤᠷ ᠎ᠤᠨ ᠬᠤᠭᠤᠰ ᠪᠣᠯᠬᠤ ᠪᠦᠷᠢ ᠬᠡᠦᠬᠡᠳ ᠪᠠᠭᠠᠴᠤᠳ ᠭᠡᠷ᠎ᠡᠴᠡ᠎ᠪᠡᠨ ᠭᠠᠷᠴᠤ᠌᠂ ᠬᠠᠪᠤᠷ ᠎ᠤᠨ ᠤᠷᠢᠬᠠᠨ ᠰᠠᠯᠬᠢᠨ ᠎ᠳᠤ ᠴᠠᠭᠠᠰᠤᠨ ᠱᠢᠪᠠᠭᠤ ᠨᠢᠰᠭᠡᠵᠦ᠍᠂ ᠬᠥᠭᠡᠷᠦᠯᠳᠦᠨ ᠳᠤᠭᠯᠠᠯᠳᠤᠵᠤ ᠪᠠᠢᠭ᠎ᠠ ᠦᠵᠡᠭᠳᠡᠯ ᠨᠢ ᠠᠮᠢᠵᠢᠷᠠᠯ᠎ᠤᠨ ᠬᠦᠴᠦᠨ᠎ᠢᠶᠡᠷ ᠪᠢᠯᠬᠠᠭ᠍ᠰᠠᠨ ᠬᠠᠪᠤᠷ ᠎ᠤᠨ ᠡᠬᠢᠨ᠎ᠦ ᠤᠯᠠᠷᠢᠯ ᠎ᠢ ᠨᠡᠩ ᠰᠠᠢᠬᠠᠨ ᠳᠤᠪᠤᠢᠯᠭᠠᠵᠠᠢ᠃


ᠥᠪᠡᠷᠮᠢᠴᠡ ᠢᠳᠡᠭᠡᠨ ᠢᠳᠡᠬᠦ

ᠮᠠᠨ᠎ᠤ ᠤᠯᠤᠰ᠎ᠤᠨ ᠡᠮᠦᠨᠡᠲᠦ ᠤᠷᠤᠨ᠎ᠤ ᠵᠠᠷᠢᠮ ᠭᠠᠵᠠᠷ ᠤᠷᠤᠨ᠎ᠢᠶᠡᠷ 《ᠬᠠᠪᠤᠷ᠎ᠤᠨ ᠬᠤᠭᠤᠰ᠎ᠲᠤ ᠬᠠᠪᠤᠷ᠎ᠤᠨ ᠨᠣᠭᠣᠭ᠎ᠠ ᠢᠳᠡᠳᠡᠭ》 ᠵᠠᠩᠰᠢᠯ ᠲᠠᠢ᠃ 《ᠬᠠᠪᠤᠷ᠎ᠤᠨ ᠨᠣᠭᠣᠭ᠎ᠠ》 ᠭᠡᠳᠡᠭ ᠨᠢ ᠶᠡᠷᠦ᠎ᠳᠡᠭᠡᠨ ᠨᠢᠭᠡ ᠵᠦᠶ᠋ᠯ᠎ᠦᠨ ᠬᠡᠭᠡᠷ᠎ᠡ ᠎ᠶ᠋ᠢᠨ ᠰᠠᠷᠪᠠᠯᠵᠢ ᠨᠤᠭᠤᠭ᠎ᠠ ᠎ᠶᠢ ᠵᠢᠭᠠᠨ᠎ᠠ᠃ ᠥᠩᠭᠡᠷᠡᠭᠰᠡᠨ ᠎ᠳᠤ᠂ ᠬᠠᠪᠤᠷ᠎ᠤᠨ ᠬᠤᠭᠤᠰ᠎ᠤᠨ ᠡᠳᠦᠷ ᠪᠤᠯᠬᠤ᠎ᠳᠤ ᠬᠥᠮᠥᠰ ᠬᠠᠪᠤᠷ᠎ᠤᠨ ᠨᠣᠭᠣᠭ᠎ᠠ ᠲᠡᠭᠦᠵᠦ᠍᠂ ᠭᠡᠷ ᠪᠦᠯᠢ᠎ᠪᠡᠷ᠎ᠢᠶᠡᠨ ᠠᠮᠤᠷ ᠲᠠᠢᠪᠤᠩ ᠡᠷᠡᠭᠦᠯ ᠮᠡᠨᠳᠦ ᠪᠠᠢᠬᠤ ᠎ᠶ᠋ᠢ ᠬᠦᠰᠡᠨ ᠳᠠᠭᠠᠳᠭᠠᠳᠠᠭ᠃

ᠡᠭᠦᠨ ᠎ᠡᠴᠡ ᠭᠠᠳᠠᠨ᠎ᠠ᠂ ᠪᠡᠭᠡᠵᠢᠩ ᠎ᠳᠤ ᠬᠠᠪᠤᠷ᠎ᠤᠨ ᠬᠤᠭᠤᠰ᠎ᠤᠨ ᠡᠳᠦᠷ 《ᠨᠡᠷᠡᠨ ᠪᠣᠣᠪᠣ》 ᠢᠳᠡᠳᠡᠭ ᠵᠠᠩᠰᠢᠯ ᠲᠠᠢ᠃ 《ᠨᠡᠷᠡᠨ ᠪᠣᠣᠪᠣ》 ᠪᠣᠯ ᠥᠩᠭᠡᠷᠡᠭ᠌ᠰᠡᠨ ᠎ᠦ ᠪᠡᠭᠡᠵᠢᠩ ᠎ᠦᠨ ᠬᠥᠮᠦᠰ᠎ᠦᠨ ᠨᠡᠷᠡᠨ᠎ᠦ ᠰᠠᠬᠢᠭᠤᠯᠰᠤᠨ ᠎ᠢ ᠳᠠᠭᠢᠬᠤ ᠎ᠳᠤ ᠬᠡᠷᠡᠭ᠌ᠯᠡᠳᠡᠭ ᠭᠣᠣᠯ ᠳᠠᠬᠢᠯᠭ᠎ᠠ ᠎ᠶ᠋ᠢᠨ ᠡᠳ᠋ ᠪᠠᠢᠵᠤ᠂ ᠲᠡᠷᠡ ᠨᠢ ᠱᠢᠯᠦᠬᠡᠶ ᠲᠤᠲᠤᠷᠭ᠎ᠠ ᠎ᠪᠠᠷ ᠬᠠᠯᠢᠰᠤ ᠪᠤᠯᠭᠠᠵᠤ᠂ ᠳᠣᠲᠣᠷ᠎ᠠ ᠨᠢ ᠴᠢᠪᠠᠭ᠎ᠠ ᠎ᠶᠢᠨ ᠳᠠᠯᠬ᠎ᠠ᠂ ᠭᠠᠪᠢᠷ᠎ᠠ ᠴᠡᠴᠡᠭ ᠵᠡᠷᠭᠡ ᠎ᠶᠢ ᠬᠢᠵᠦ᠍᠂ ᠡᠭᠦᠨ᠎ᠢᠶᠡᠷ ᠲᠠᠪᠤᠨ ᠲᠠᠷᠢᠶ᠎ᠠ ᠡᠯᠪᠡᠭ ᠬᠤᠷᠢᠶᠠᠯᠲᠠ ᠤᠯᠬᠤ᠎ᠶᠢ ᠬᠦᠰᠡᠨ ᠪᠡᠯᠭᠡᠳᠡᠳᠡᠭ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄ ᠵᠤᠯᠠ

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面